ᠲᠡᠮᠡᠭᠡ-ᠮᠥᠩᠭᠥᠨᠠᠭᠤᠯᠠТэмээ-Мөнгөн-уул ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠡᠭᠡ-ᠮᠥᠩᠭᠥᠨᠠᠭᠤᠯᠠТэмээ-Мөнгөн-уул

ᠲᠡᠮᠡᠭᠡ-ᠮᠥᠩᠭᠥᠨᠠᠭᠤᠯᠠТэмээ-Мөнгөн-уул

2024-12-14

742

ᠲᠡᠮᠡᠭᠡ

   ᠵᠣᠬᠢᠶᠠᠭᠴᠢ᠄ ᠮᠥᠩᠭᠦᠡᠠᠠᠭᠤᠯᠠ 
   ᠵᠢᠷᠤᠭ ᠲᠥᠰᠥᠪᠯᠡᠭᠴᠢ᠄ ᠰᠡᠷᠡᠩᠫᠣᠩᠰᠣᠭ  
   ᠤᠶᠠᠩᠭᠠᠯᠠᠭᠴᠢ᠄ ᠪᠣᠷᠭᠢᠯ 
ᠲᠡᠮᠡᠭᠡ — 
ᠲᠩᠷᠢ ᠶ᠋ᠢᠨ ᠤᠳᠬ᠎ᠠ ᠲᠠᠢ ᠠᠰᠠᠭᠤᠯᠲᠠ ᠶ᠋ᠢᠨ ᠲᠡᠮᠳᠡᠭ 
ᠮᠢᠨᠦ ᠬᠠᠷᠢᠭᠤᠯᠵᠤ ᠠᠮᠵᠢᠭ᠎ᠠ ᠦᠭᠡᠢ 
ᠮᠢᠩᠭ᠎ᠠ ᠮᠢᠩᠭᠠᠨ ᠠᠰᠠᠭᠤᠯᠲᠠ ᠶ᠋ᠢᠨ ᠨᠢᠭᠡᠨ᠂ 
ᠮᠥᠨ ᠴᠦ᠍ ᠬᠠᠷᠢᠭᠤᠯᠵᠤ ᠴᠢᠳᠠᠬᠤ ᠦᠭᠡᠢ 
ᠮᠥᠩᠬᠡ ᠲᠩᠷᠢ ᠶ᠋ᠢᠨ ᠴᠤᠪᠤᠭ᠎ᠠ ᠴᠠᠭ᠃ 
ᠲᠡᠮᠡᠭᠡ— 
ᠬᠣᠩᠬᠣᠨ ᠳᠠᠭᠤ ᠪᠠᠷ ᠤᠶᠠᠩᠭᠠᠷᠠᠭᠰᠠᠨ 
ᠬᠣᠷᠸ᠎ᠠ ᠶ᠋ᠢᠨ ᠪᠦᠲᠦᠨ ᠠᠶᠠᠯᠭᠤ᠃ 
ᠬᠣᠷᠭᠣᠯ ᠢ᠋ ᠨᠢ ᠵᠡᠷᠭᠡᠯᠡᠵᠦ᠂ 
ᠬᠣᠯᠠ ᠶ᠋ᠢᠨ ᠠᠶᠠᠨ ᠢ᠋ ᠲᠡᠦᠬᠡ ᠪᠡᠷ ᠲᠣᠪᠴᠢᠯᠠᠭᠠᠳ
ᠬᠤᠯᠠᠨ ᠰᠢᠷᠭᠠᠯ ᠡᠯᠡᠰᠦ ᠲᠡᠢ ᠨᠢ ᠬᠠᠮᠲᠤ ᠬᠠᠢᠷᠠᠯᠠᠭᠰᠠᠨ᠃
ᠲᠡᠮᠡᠭᠡ—
ᠡᠵᠡᠨ ᠵᠠᠶᠠᠭ᠎ᠠ ᠬᠣᠶᠠᠷ ᠲᠤ᠌ ᠪᠠᠨ ᠵᠢᠳᠬᠦᠵᠦ᠂
ᠡᠯᠡᠰᠦᠨ ᠭᠣᠪᠢ ᠶ᠋ᠢ ᠳᠤᠭᠤᠯᠤᠭᠠᠳ
ᠡᠷᠢᠭᠡ ᠰᠢᠭ ᠪᠥᠮᠪᠥᠷᠢᠭᠰᠡᠭᠡᠷ ᠪᠠᠢᠵᠤ᠂
ᠡᠯᠢᠭᠡᠨ ᠬᠦᠷᠡᠩ ᠰᠤᠳᠤᠷ ᠰᠢᠭ᠋ ᠳᠡᠪᠲᠡᠷᠯᠡᠭᠳᠡᠵᠦ᠂
ᠡᠯᠦᠢ ᠬᠤᠯᠤᠢ ᠶ᠋ᠢᠨ ᠳᠤᠮᠳᠠ ᠤᠩᠰᠢᠭᠳᠠᠭᠰᠠᠭᠠᠷ᠃
ᠲᠡᠮᠡᠭᠡ—
ᠲᠠᠪᠠᠭ ᠢ᠋ᠶ᠋ᠠᠷ ᠢ᠋ᠶ᠋ᠠᠨ ᠰᠡᠯᠢᠭᠦᠷ ᠬᠢᠭᠰᠡᠨ
ᠳᠠᠯᠠᠢ ᠦᠵᠡᠭᠡ ᠦᠭᠡᠢ ᠣᠩᠭᠣᠴᠠ᠃
ᠵᠢᠷᠦᠬᠡᠨ ᠲᠠᠮᠠᠭᠠᠯᠠᠭᠰᠠᠨ ᠮᠥᠷ ᠢ᠋ᠶ᠋ᠡᠷ ᠨᠢ
ᠵᠣᠭᠳᠣᠷ ᠰᠢᠷᠭᠠᠯ ᠡᠯᠡᠰᠦ ᠳᠠᠪᠠᠯᠭᠠᠯᠠᠨ ᠠᠢᠰᠤᠢ᠃
ᠲᠡᠮᠡᠭᠡ—
ᠲᠡᠦᠬᠡ ᠶ᠋ᠢᠨ ᠦᠨᠡᠨ ᠢ᠋ ᠠᠴᠢᠶᠠᠯᠠᠵᠤ
ᠲᠩᠷᠢ ᠶ᠋ᠢᠨ ᠬᠠᠶᠠᠭᠠᠨ ᠳ᠋ᠤ᠌ ᠲᠣᠯᠪᠣᠰᠢᠨ
ᠲᠡᠮᠡᠦᠯᠵᠦ ᠢᠷᠡᠬᠦ ᠶ᠋ᠢᠨ ᠰᠣᠪᠢᠩ ᠮᠡᠳᠡᠷᠡᠯ ᠳ᠋ᠦ᠍ ᠨᠢ
ᠪᠦᠬᠦᠨ ᠡᠴᠡ ᠨᠢ ᠨᠠᠷᠠ ᠤᠶᠠᠭᠠᠲᠠᠢ ᠪᠠᠢᠳᠠᠭ ᠠ᠋ᠴᠠ
ᠪᠥᠮᠪᠥᠷᠴᠡᠭ ᠦ᠋ᠨ ᠦᠷ ᠪᠦᠲᠦᠨ ᠬᠠᠶᠠᠭᠠᠷᠠᠳᠠᠭ ᠠ᠋!
  ᠦᠰᠦᠭ ᠠᠮᠢᠯᠠᠭᠤᠯᠤᠭᠴᠢ ᠄ ᠵᠡᠷᠮᠦᠳ ᠸ᠂ ᠥᠯᠵᠡᠢ
  ᠬᠢᠨᠠᠭᠴᠢ᠄ ᠴᠢ᠊· ᠤᠷᠠᠨ