ᠨᠣᠮ ᠰᠠᠢᠬᠠᠨ -ᠡᠩᠬᠡᠮᠡᠨᠳᠦ Ном сайхан-Энхмаанд ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠣᠮ ᠰᠠᠢᠬᠠᠨ -ᠡᠩᠬᠡᠮᠡᠨᠳᠦ Ном сайхан-Энхмаанд

ᠨᠣᠮ ᠰᠠᠢᠬᠠᠨ -ᠡᠩᠬᠡᠮᠡᠨᠳᠦ Ном сайхан-Энхмаанд

2024-12-14

10466

ᠨᠣᠮ ᠰᠠᠢᠬᠠᠨ

      ᠦᠭᠡ᠄ ᠲᠤᠭᠴᠢ ᠯᠤᠪᠰᠠᠩ 
      ᠠᠶ᠎ᠠ᠄ ᠢᠯᠠᠯᠲᠠ 
      ᠪᠢᠴᠢᠬᠠᠨ ᠳᠠᠭᠤᠴᠢᠨ᠄ ᠡᠩᠬᠡᠮᠡᠨᠳᠦ 

 ᠨᠣᠮ ᠨᠣᠮ ᠰᠠᠢᠬᠠᠨ 
 ᠨᠣᠮ ᠤ᠋ᠨ ᠨᠢᠭᠤᠷ ᠭᠣᠶᠣᠬᠠᠨ 
 ᠨᠣᠮ ᠤ᠋ᠨ ᠨᠥᠬᠥᠷ ᠪᠣᠯᠤᠭᠠᠳ 
 ᠨᠣᠮ ᠢ᠋ᠶ᠋ᠠᠨ ᠢᠮᠠᠭᠲᠠ ᠬᠠᠢᠷᠠᠯᠠᠶ᠎ᠠ 
 ᠨᠣᠮ ᠳ᠋ᠤ᠌ ᠪᠠᠨ ᠪᠢ ᠬᠠᠢᠷᠠᠲᠠᠢ 
 ᠨᠣᠮ ᠤ᠋ᠨ ᠨᠢᠭᠤᠴᠠ ᠶ᠋ᠢ ᠬᠠᠢᠶ᠎ᠠ ᠳᠠ 

 ᠨᠣᠮ ᠨᠣᠮ ᠰᠠᠢᠬᠠᠨ
 ᠨᠣᠮ ᠤ᠋ᠨ ᠳᠣᠲᠣᠷ᠎ᠠ ᠵᠢᠷᠤᠭ ᠲᠠᠢ
 ᠵᠢᠷᠤᠭ ᠤ᠋ᠨ ᠶᠢᠷᠲᠢᠨᠴᠦ ᠳ᠋ᠦ᠍ ᠣᠷᠣᠭᠠᠳ
 ᠵᠤᠭ᠎ᠠ ᠴᠡᠩᠭᠡᠯ ᠲᠡᠢ ᠰᠣᠨᠢᠷᠬᠠᠶ᠎ᠠ
 ᠨᠣᠮ ᠳ᠋ᠤ᠌ ᠪᠠᠨ ᠪᠢ ᠬᠠᠢᠷᠠᠲᠠᠢ
 ᠨᠣᠮ ᠤ᠋ᠨ ᠨᠢᠭᠤᠴᠠ ᠶ᠋ᠢ ᠬᠠᠢᠶ᠎ᠠ ᠳᠠ

 ᠨᠣᠮ ᠨᠣᠮ ᠰᠠᠢᠬᠠᠨ
 ᠨᠣᠮ ᠤ᠋ᠨ ᠬᠠᠭᠤᠳᠠᠰᠤᠨ ᠳ᠋ᠤ᠌ ᠡᠷᠳᠡᠨᠢ ᠲᠡᠢ
 ᠡᠷᠳᠡᠨᠢ ᠶ᠋ᠢᠨ ᠰᠠᠩ ᠢ᠋ ᠨᠡᠭᠡᠭᠡᠭᠡᠳ
 ᠡᠷᠳᠡᠮ ᠦ᠋ᠨ ᠰᠢᠮ᠎ᠡ ᠶ᠋ᠢ ᠬᠥᠷᠲᠡᠶ᠎ᠡ
 ᠨᠣᠮ ᠳ᠋ᠤ᠌ ᠪᠠᠨ ᠪᠢ ᠬᠠᠢᠷᠠᠲᠠᠢ
 ᠨᠣᠮ ᠤ᠋ᠨ ᠨᠢᠭᠤᠴᠠ ᠶ᠋ᠢ ᠬᠠᠢᠶ᠎ᠠ ᠳᠠ

   ᠦᠰᠦᠭ ᠠᠮᠢᠯᠠᠭᠤᠯᠤᠭᠴᠢ᠄ ᠭᠡᠷᠡᠯ