ᠣᠷᠴᠢᠯᠠᠩ ᠦ᠋ᠨ ᠳᠤᠲᠠᠭᠤ - ᠱ ᠂ ᠭᠦᠷᠦᠪᠠᠽᠠᠷ Орчлонгийн дутуу – Ш᠂ Гүрбазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠴᠢᠯᠠᠩ ᠦ᠋ᠨ ᠳᠤᠲᠠᠭᠤ - ᠱ ᠂ ᠭᠦᠷᠦᠪᠠᠽᠠᠷ Орчлонгийн дутуу – Ш᠂ Гүрбазар

ᠣᠷᠴᠢᠯᠠᠩ ᠦ᠋ᠨ ᠳᠤᠲᠠᠭᠤ - ᠱ ᠂ ᠭᠦᠷᠦᠪᠠᠽᠠᠷ Орчлонгийн дутуу – Ш᠂ Гүрбазар

2024-12-13

631

ᠣᠷᠴᠢᠯᠠᠩ ᠦ᠋ᠨ ᠳᠤᠲᠠᠭᠤ


 ᠠᠪᠤ ᠳ᠋ᠠᠭᠠᠨ ᠪᠢ ᠡᠷᠬᠡᠯᠡᠳᠡᠭ ᠪᠠᠢᠭᠰᠠᠨ 
 ᠠᠪᠤ ᠳ᠋ᠠᠭᠠᠨ ᠪᠢ ᠡᠷᠬᠡᠯᠡᠬᠦ ᠳ᠋ᠡᠭᠡᠨ 
 ᠠᠯᠲᠠᠨ ᠭᠠᠳᠠᠰᠤᠨ ᠤ᠋ ᠣᠳᠣ ᠠᠷᠭᠠᠮᠵᠢᠶ᠎ᠠ ᠪᠠᠭᠤᠯᠭᠠᠵᠤ 
 ᠵᠡᠭᠡᠷ᠎ᠡ ᠶ᠋ᠢᠨ ᠱᠠᠭᠠᠢ ᠪᠠᠨ ᠬᠣᠯᠪᠣᠶ᠎ᠠ ᠭᠡᠵᠦ 
 ᠠᠭᠠᠳᠠᠷ ᠤ᠋ᠨ ᠰᠡᠭᠦᠯᠴᠢ ᠶ᠋ᠢᠨ ᠰᠣᠯᠣᠩᠭ᠎ᠠ ᠪᠠᠷᠢᠵᠤ 
 ᠰᠢᠯᠪᠢᠭᠦᠷ ᠦ᠋ᠨ ᠦᠵᠦᠭᠦᠷ ᠲᠡᠭᠡᠨ ᠤᠶᠠᠶ᠎ᠠ ᠭᠡᠵᠦ 
 ᠦᠯᠢᠭᠡᠷ ᠳᠠᠭᠤᠰᠲᠠᠯ᠎ᠠ 
 ᠦᠦᠷ ᠴᠠᠢᠯᠭᠠᠬᠤ ᠦᠭᠡᠢ ᠭᠡᠵᠦ 
 ᠥᠯᠥᠨ ᠰᠢᠭᠦᠳᠡᠷᠢ ᠶ᠋ᠢ 
 ᠡᠳᠦᠷ ᠥᠨᠵᠢᠭᠡᠨ᠎ᠡ ᠭᠡᠵᠦ 
 ᠡᠷᠬᠡᠯᠡᠳᠡᠭ ᠪᠠᠢᠭᠰᠠᠨ 
 ᠡᠯᠳᠡᠪᠯᠡᠳᠡᠭ ᠪᠠᠢᠭᠰᠠᠨ  

 ᠡᠵᠢ ᠳ᠋ᠡᠭᠡᠨ ᠪᠢ ᠡᠷᠬᠡᠯᠡᠳᠡᠭ ᠪᠠᠢᠭᠰᠠᠨ 
 ᠡᠵᠢ ᠳ᠋ᠡᠭᠡᠨ ᠪᠢ ᠡᠷᠬᠡᠯᠡᠬᠦ ᠳ᠋ᠡᠭᠡᠨ 
 ᠥᠯᠵᠡᠢᠲᠦ ᠪᠤᠯᠠᠭ ᠤ᠋ᠨ ᠬᠠᠯᠠᠭᠠᠢ ᠶ᠋ᠢᠨ 
 ᠥᠷᠭᠡᠰᠦ ᠪᠦᠬᠦᠨ ᠢ᠋ ᠲᠡᠭᠦᠯᠭᠡᠨ᠎ᠡ ᠭᠡᠵᠦ 
 ᠡᠪᠦᠳᠦᠭ ᠰᠢᠯᠪᠤᠯᠠᠭᠰᠠᠨ ᠴᠢᠯᠠᠭᠤᠨ ᠤ᠋ 
 ᠥᠪᠡᠷ ᠦ᠋ᠨ ᠬᠢᠨᠢ ᠶᠣᠣᠯᠠᠬᠤ ᠶ᠋ᠢ ᠦᠵᠡᠶ᠎ᠡ ᠭᠡᠵᠦ 
 ᠨᠠᠮᠠᠶ᠋ᠢ ᠥᠰᠬᠡᠭᠰᠡᠨ ᠡᠪᠦᠭᠡ ᠪᠡᠨ 
 ᠬᠣᠯᠠ ᠶᠠᠪᠤᠬᠤ ᠳ᠋ᠤᠨᠢ ᠠᠪᠴᠢᠷᠠᠨ᠎ᠠ ᠭᠡᠵᠦ 
 ᠨᠠᠮᠤᠷ ᠤ᠋ᠨ ᠰᠢᠪᠠᠭᠤ ᠶ᠋ᠢ ᠪᠤᠴᠠᠭᠠᠯ ᠦᠭᠡᠢ 
 ᠨᠠᠭᠤᠷ ᠤ᠋ᠨ ᠬᠥᠪᠡᠭᠡᠨ ᠳ᠋ᠦ᠍ ᠲᠣᠭᠯᠠᠨ᠎ᠠ ᠭᠡᠵᠦ 
 ᠡᠷᠬᠡᠯᠡᠳᠡᠭ ᠪᠠᠢᠭᠰᠠᠨ 
 ᠡᠯᠳᠡᠪᠯᠡᠳᠡᠭ ᠪᠠᠢᠭᠰᠠᠨ  

 ᠣᠳᠣ ᠲᠡᠭᠡᠭᠦᠨ᠎ᠡ᠁ 
 ᠠᠯᠲᠠᠨ ᠭᠠᠳᠠᠰᠤᠨ ᠤ᠋ ᠣᠳᠣ ᠠᠷᠭᠠᠮᠵᠢᠶ᠎ᠠ ᠪᠠᠭᠤᠯᠭᠠᠬᠤ ᠪᠠᠷ 
 ᠠᠪᠤ ᠮᠢᠨᠢ ᠶᠠᠪᠤᠴᠢᠬᠠᠭᠰᠠᠨ ᠶᠤᠮ ᠪᠢᠰᠢ ᠪᠠᠢᠭ᠎ᠠ ᠳᠠ 
 ᠠᠯᠠᠭ᠎ᠠ ᠪᠠᠢᠨ᠎ᠠ  

 ᠥᠯᠵᠡᠢᠲᠦ ᠪᠤᠯᠠᠭ ᠤ᠋ᠨ ᠥᠷᠭᠡᠰᠦ ᠪᠦᠬᠦᠨ ᠢ᠋ ᠲᠡᠭᠦᠬᠦ ᠭᠡᠳ 
 ᠢᠵᠢᠢ ᠮᠢᠨᠢ ᠢᠷᠡᠬᠦ ᠦᠭᠡᠢ ᠶᠦᠮ ᠪᠢᠰᠢ ᠪᠠᠢᠭ᠎ᠠ ᠳᠠ 
 ᠡᠵᠡᠭᠦᠢ ᠪᠠᠢᠨ᠎ᠠ  

 ᠮᠥᠩᠬᠡ ᠪᠤᠰᠤ ᠶ᠋ᠢᠨ ᠣᠷᠴᠢᠯᠠᠩ ᠤ᠋ᠨ ᠳᠤᠲᠠᠭᠤ ᠶ᠋ᠢ 
 ᠦᠷ᠎ᠡ ᠳ᠋ᠡᠭᠡᠨ ᠪᠦᠲᠦᠨ ᠪᠣᠯᠭᠠᠬᠤ ᠪᠠᠷ 
 ᠮᠢᠨᠦ ᠬᠣᠶᠠᠷ ᠪᠤᠭᠤᠷᠤᠯ 
 ᠭᠡᠷ ᠲᠡᠭᠡᠨ ᠣᠳᠣ ᠠᠯᠠᠭ᠎ᠠ ᠪᠠᠢᠨ᠎ᠠ᠃  

      ᠦᠰᠦᠭ ᠠᠮᠢᠯᠠᠭᠤᠯᠤᠭᠴᠢ᠄ ᠡᠩᠬᠡᠪᠠᠲᠤ 
       ᠦᠰᠦᠭ ᠬᠢᠨᠠᠭᠴᠢ᠄ ᠨᠠᠷᠠᠨ