ᠶᠢᠷᠲᠢᠨᠴᠦ ᠶ᠋ᠢᠨ ᠪᠤᠶᠠᠨ - ᠱ ᠂ ᠭᠦᠷᠦᠪᠠᠽᠠᠷ Ертөнцийн буян – Ш᠂ Гүрбазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶ᠋ᠢᠨ ᠪᠤᠶᠠᠨ - ᠱ ᠂ ᠭᠦᠷᠦᠪᠠᠽᠠᠷ Ертөнцийн буян – Ш᠂ Гүрбазар

ᠶᠢᠷᠲᠢᠨᠴᠦ ᠶ᠋ᠢᠨ ᠪᠤᠶᠠᠨ - ᠱ ᠂ ᠭᠦᠷᠦᠪᠠᠽᠠᠷ Ертөнцийн буян – Ш᠂ Гүрбазар

2024-12-12

593

ᠶᠢᠷᠲᠢᠨᠴᠦ ᠶ᠋ᠢᠨ ᠪᠤᠶᠠᠨ



 ᠳᠡᠪᠡᠯ ᠢ᠋ᠶ᠋ᠡᠨ ᠳᠠᠭᠠᠭᠠᠬᠤ ᠦᠭᠡᠢ ᠲᠡᠭᠦᠷᠲᠦᠵᠦ ᠶᠠᠪᠤᠯ᠎ᠠ 
ᠴᠦ᠍ 
 ᠳᠡᠯᠡᠬᠡᠢ ᠳ᠋ᠦ᠍ ᠲᠠ ᠭᠠᠭᠴᠠᠬᠠᠨ ᠯᠠ ᠪᠤᠶᠠᠨ ᠬᠢᠭᠰᠡᠨ ᠳ᠋ᠡᠭᠡᠨ ᠪᠠᠷᠳᠠᠮ ᠶᠠᠪᠤ 
 ᠡᠯᠪᠡᠭ ᠴᠡᠩᠬᠡᠷ ᠲᠩᠷᠢ ᠶ᠋ᠢᠨ ᠳᠣᠣᠷ᠎ᠠ 
 ᠢᠵᠢᠢ ᠪᠠᠨ ᠯᠠ ᠪᠢ ᠪᠠᠶᠠᠷᠯᠠᠭᠤᠯᠤᠭᠰᠠᠨ ᠭᠡᠵᠦ ᠣᠮᠣᠭᠯᠠᠩ ᠶᠠᠪᠤ  

 ᠪᠦᠰᠡ ᠣᠭᠰᠢᠭᠠᠭᠰᠠᠨ ᠡᠵᠢ ᠶ᠋ᠢᠨ ᠲᠠᠨᠢ 
 ᠠᠯᠬᠤᠭ᠎ᠠ ᠬᠦᠨᠳᠦ ᠪᠠᠷ᠎ᠠ ᠪᠠᠷ ᠪᠢᠲᠡᠭᠦᠦ ᠲᠤᠭᠤᠷᠠᠢᠲᠠᠨ ᠤ᠋ ᠲᠦᠷᠦᠭᠦᠦ 
 ᠣᠮᠣᠭᠯᠠᠩ ᠭᠠᠵᠠᠷ ᠢ᠋ ᠴᠠᠪᠴᠢᠯᠠᠬᠤ ᠳ᠋ᠤ᠌ 
 ᠴᠢᠮᠠᠶ᠋ᠢ ᠲᠡᠭᠡᠭᠡᠭᠰᠡᠨ ᠡᠵᠢ ᠲᠠᠨᠢ 
 ᠬᠠᠲᠤᠨ ᠰᠠᠨᠠᠭ᠎ᠠ ᠨᠢ ᠨᠢᠯᠬᠠᠷᠠᠵᠤ 
 ᠴᠢᠨᠳᠠᠭ᠎ᠠ ᠦᠷᠭᠦᠭᠡᠭᠰᠡᠨ ᠳᠡᠷᠡᠰᠦᠨ ᠦ᠌ 
 ᠦᠵᠦᠭᠦᠷ ᠢ᠋ ᠨᠢ ᠬᠠᠷᠠᠭᠠᠳ ᠤᠶᠠᠷᠠᠭᠰᠠᠨ ᠪᠠᠢᠵᠤ ᠲᠠᠭᠠᠷᠠᠨ᠎ᠠ 
 ᠢᠩᠭᠢᠵᠦ ᠴᠢ ᠡᠵᠢ ᠪᠡᠨ 
 ᠰᠠᠷᠠᠨ ᠳ᠋ᠤ᠌ ᠪᠢᠰᠢᠷᠡᠵᠦ᠂ ᠨᠠᠷᠠᠨ ᠳ᠋ᠤ᠌ ᠰᠥᠬᠥᠷᠡᠲᠡᠯ᠎ᠡ ᠨᠢ ᠡᠩᠬᠦᠷᠡᠢ ᠪᠣᠯᠭᠠᠭᠰᠠᠨ  

 ᠲᠣᠭᠣᠨᠣ ᠶ᠋ᠢᠨ ᠳᠠᠭ᠎ᠠ ᠭᠠᠵᠠᠷ ᠲᠤ ᠱᠠᠷᠬᠢᠷᠠᠭᠤᠯᠵᠦ 
 ᠲᠣᠭᠣᠭ᠎ᠠ ᠲᠠᠢ ᠰᠦ ᠴᠠᠯᠭᠢᠬᠤ ᠶ᠋ᠢᠨ ᠦᠶᠡᠰ ᠲᠦ᠍ 
 ᠲᠡᠪᠴᠢᠶᠡᠷᠢ᠂ ᠨᠢᠯᠪᠤᠰᠤ ᠬᠣᠶᠠᠷ ᠤ᠋ᠨ ᠢ᠋ᠶ᠋ᠠᠨ ᠳᠤᠮᠳᠠ 
 ᠲᠩᠷᠢ ᠲᠡᠮᠲᠡᠴᠢᠭᠦᠯᠦᠨ 
 ᠬᠣᠩᠭᠣᠷ ᠠᠭᠠᠰᠢ ᠲᠠᠢ ᠪᠦᠰᠡᠭᠦᠢ ᠬᠥᠮᠦᠨ ᠢ᠋ 
 ᠬᠣᠷᠸ᠎ᠠ ᠳ᠋ᠤ᠌ ᠰᠦᠰᠦᠭᠯᠡᠲᠡᠯ᠎ᠡ ᠨᠢ ᠴᠢ ᠤᠶᠠᠬᠠᠨ ᠪᠣᠯᠭᠠᠭᠰᠠᠨ 
 ᠢᠩᠭᠢᠵᠦ ᠯᠡ ᠴᠢ 
 ᠡᠵᠢ ᠪᠡᠨ ᠡᠭᠡᠯ ᠦᠭᠡᠢ ᠠᠯᠠᠭ ᠬᠣᠷᠸ᠎ᠠ ᠳ᠋ᠤ᠌ 
 ᠵᠢᠷᠭᠠᠯ ᠰᠠᠨᠠᠵᠤ᠂ ᠠᠢᠳᠠᠰ ᠦᠷᠭᠦᠭᠡᠳᠡᠭ 
 ᠵᠢᠮ᠎ᠡ ᠠᠷᠭᠠᠳᠠᠭᠰᠠᠨ ᠶᠢᠷᠲᠢᠨᠴᠦ ᠶ᠋ᠢᠨ ᠡᠨᠡᠷᠢᠯ ᠪᠣᠯᠭᠠᠵᠤ ᠪᠠᠶᠠᠷᠯᠠᠭᠤᠯᠤᠭᠰᠠᠨ 

 ᠬᠥᠯ ᠳ᠋ᠦ᠍ ᠣᠷᠣᠬᠤ ᠳ᠋ᠤ᠌ ᠴᠢᠨᠢ 
 ᠨᠠᠰᠤᠨ ᠤ᠋ ᠡᠪᠦᠳᠦᠭ ᠨᠢ ᠲᠡᠨᠢᠢᠵᠦ 
 ᠬᠡᠯᠡ ᠳ᠋ᠦ᠍ ᠣᠷᠣᠬᠤ ᠳ᠋ᠤ᠌ ᠴᠢᠨᠢ 
 ᠨᠡᠷᠡᠲᠦ ᠶ᠋ᠢᠨ ᠦᠨᠡᠨ ᠲᠡᠢ ᠦᠭᠡᠰᠡᠵᠦ 
 ᠡᠵᠢ ᠪᠡᠨ ᠭᠡᠵᠦ ᠳᠠᠭᠤᠳᠠᠬᠤ ᠳ᠋ᠤᠨᠢ 
 ᠡᠨᠡᠷᠢᠬᠦᠢ ᠰᠠᠨᠠᠭ᠎ᠠ ᠨᠢ ᠢᠪᠢᠯᠵᠦ 
 ᠡᠭᠡᠯ ᠨᠢᠭᠡᠨ ᠪᠦᠰᠡᠭᠦᠢ ᠶ᠋ᠢ 
 ᠡᠨᠡ ᠬᠣᠷᠸ᠎ᠠ ᠳ᠋ᠤ᠌ ᠴᠢ ᠪᠤᠷᠬᠠᠨ ᠪᠤᠶᠠᠨᠲᠠᠨ ᠪᠣᠯᠭᠠᠭᠰᠠᠨ 
 ᠢᠵᠢᠢ ᠪᠡᠨ ᠯᠡ ᠴᠢ ᠪᠠᠶᠠᠷᠯᠠᠭᠤᠯᠤᠭᠰᠠᠨ  

 ᠭᠤᠲᠤᠯ ᠳ᠋ᠠᠭᠠᠨ ᠲᠡᠭᠦᠷᠲᠦᠭᠰᠡᠨ 
 ᠭᠤᠶᠤᠯᠭᠠᠴᠢᠨ ᠪᠠᠢᠭᠰᠠᠨ ᠴᠦ᠍ ᠬᠠᠮᠢᠭ᠎ᠠ ᠦᠭᠡᠢ 
 ᠭᠤᠷᠪᠠᠨ ᠭᠠᠯᠪᠠ ᠮᠠᠷᠲᠠᠬᠤ ᠪᠠᠷ ᠦᠭᠡᠢ 
 ᠭᠠᠢᠬᠠᠮᠰᠢᠬᠲᠠᠨ ᠪᠣᠯᠤᠭᠰᠠᠨ ᠴᠦ᠍ ᠢᠯᠭᠠᠭ᠎ᠠ ᠦᠭᠡᠢ 
 ᠠᠮᠢᠳᠤ ᠶ᠋ᠢᠨ ᠴᠡᠩᠬᠡᠷ ᠣᠷᠴᠢᠯᠠᠩ ᠠ᠋ᠴᠠ 
 ᠬᠥᠮᠦᠨ ᠦ᠌ ᠣᠯᠤᠭᠰᠠᠨ ᠠᠵᠠ ᠪᠣᠯ  
 ᠠᠩᠭᠢᠷ ᠡᠵᠢ ᠪᠡᠨ ᠪᠠᠶᠠᠷᠯᠠᠭᠤᠯᠵᠤ 
 ᠬᠦᠦ ᠨᠢ ᠪᠣᠯᠤᠭᠰᠠᠨ ᠤ᠋ ᠲᠠᠪᠢᠯᠠᠩ ᠶᠤᠮ ᠠ᠋ 

 ᠬᠥᠮᠦᠨ ᠪᠦᠬᠦᠨ ᠡᠵᠢ ᠪᠠᠨ ᠯᠠ ᠪᠠᠶᠠᠷᠯᠠᠭᠤᠯᠬᠤ ᠭᠡᠵᠦ 
 ᠬᠥᠨᠳᠡᠯᠡᠨ ᠬᠥᠬᠡ ᠽᠠᠮᠪᠤᠯᠢᠩ ᠳ᠋ᠤ᠌ 
 ᠵᠠᠯᠠᠷᠠᠵᠤ ᠢᠷᠡᠭᠰᠡᠨ ᠦ᠌ ᠮᠢᠨᠢ 
 ᠵᠠᠶᠠᠭ᠎ᠠ ᠨᠢ ᠡᠨᠡ ᠠ᠋ ᠭᠡᠵᠦ 
 ᠶᠢᠷᠲᠢᠨᠴᠦ ᠪᠤᠶᠠᠨ ᠲᠠᠢ ᠪᠠᠨ ᠮᠡᠳᠡᠵᠦ 
 ᠢᠷᠦᠭᠡᠯ ᠨᠥᠮᠥᠷᠴᠦ ᠶᠠᠪᠤᠭᠠᠷᠠᠢ ᠳᠠ᠂ ᠲᠠ!  

      ᠦᠰᠦᠭ ᠠᠮᠢᠯᠠᠭᠤᠯᠤᠭᠴᠢ᠄ ᠡᠩᠬᠡᠪᠠᠲᠤ 
         ᠦᠰᠦᠭ ᠬᠢᠨᠠᠭᠴᠢ᠄ ᠪᠠᠶᠠᠷᠴᠡᠴᠡᠭ