ᠠᠮᠠᠷᠠᠭ ᠰᠠᠨᠠᠭᠳᠠᠨ᠎ᠠ ᠁ — ᠪᠠᠪᠤᠤ ᠶ᠋ᠢᠨ ᡀᠬᠠᠪᠠᠰᠥ᠋ᠷᠦᠩ Амраг санагдана … — Бавуугийн Лхагвасүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠠᠷᠠᠭ ᠰᠠᠨᠠᠭᠳᠠᠨ᠎ᠠ ᠁ — ᠪᠠᠪᠤᠤ ᠶ᠋ᠢᠨ ᡀᠬᠠᠪᠠᠰᠥ᠋ᠷᠦᠩ Амраг санагдана … — Бавуугийн Лхагвасүрэн

ᠠᠮᠠᠷᠠᠭ ᠰᠠᠨᠠᠭᠳᠠᠨ᠎ᠠ ᠁ — ᠪᠠᠪᠤᠤ ᠶ᠋ᠢᠨ ᡀᠬᠠᠪᠠᠰᠥ᠋ᠷᠦᠩ Амраг санагдана … — Бавуугийн Лхагвасүрэн

2024-12-12

501

ᠠᠮᠠᠷᠠᠭ ᠰᠠᠨᠠᠭᠳᠠᠨ᠎ᠠ ᠁


 ᠠᠭᠤᠯᠠ ᠬᠠᠷᠠᠬᠤ ᠳ᠋ᠤ᠌ 
 ᠮᠠᠨᠠᠨ ᠳᠤᠮᠳᠠ ᠨᠢ 
 ᠤᠬᠢᠯᠠᠵᠤ ᠬᠠᠷᠠᠭᠳᠠᠨ᠎ᠠ᠃  

 ᠤᠰᠤ ᠬᠠᠷᠠᠬᠤ ᠳ᠋ᠤ᠌ 
 ᠤᠷᠤᠰᠬᠠᠯ ᠳᠡᠭᠡᠷ᠎ᠡ ᠨᠢ 
 ᠢᠨᠢᠶᠡᠵᠦ ᠬᠠᠷᠠᠭᠳᠠᠨ᠎ᠠ᠃  

 ᠰᠠᠨᠠᠬᠤ ᠦᠭᠡᠢ ᠪᠠᠢᠶ᠎ᠠ ᠳᠠ! ᠭᠡᠰᠡᠨ ᠴᠦ᠍ 
 ᠰᠠᠨᠠᠭᠳᠠᠨ᠎ᠠ᠃ 
 ᠰᠠᠨᠠᠭᠳᠠᠨ᠎ᠠ᠃ 
 ᠪᠠᠷᠢᠨ ᠲᠠᠯᠪᠢᠨ ᠰᠠᠨᠠᠭᠳᠠᠨ᠎ᠠ 
 ᠠᠮᠠᠷᠠᠭ  

 ᠠᠨᠢᠭᠠᠳ ᠪᠣᠳᠣᠬᠤ ᠳ᠋ᠤ᠌ 
 ᠲᠠᠷᠢᠬᠢᠨ ᠳᠣᠲᠣᠷ᠎ᠠ 
 ᠤᠷᠭᠤᠵᠤ ᠬᠠᠷᠠᠭᠳᠠᠨ᠎ᠠ᠃  

 ᠠᠯᠠᠭ᠎ᠠ ᠪᠠᠨ ᠳᠡᠯᠭᠡᠪᠡᠯ 
 ᠬᠡ ᠶ᠋ᠢ ᠨᠢ ᠳᠠᠭᠠᠭᠠᠳ 
 ᠢᠷᠡᠵᠦ ᠬᠠᠷᠠᠭᠳᠠᠨ᠎ᠠ᠃  

 ᠪᠣᠳᠣᠬᠤ ᠦᠭᠡᠢ ᠪᠠᠢᠶ᠎ᠠ ᠳᠠ! ᠭᠡᠰᠡᠨ ᠴᠦ᠍ 
 ᠪᠣᠳᠣᠭᠳᠠᠨ᠎ᠠ᠃  
 ᠪᠣᠳᠣᠭᠳᠠᠨ᠎ᠠ᠃ 
 ᠪᠠᠷᠢᠭᠠᠳ ᠠᠪᠤᠮᠠᠷ ᠪᠣᠳᠣᠭᠳᠠᠨ᠎ᠠ 
 ᠠᠮᠠᠷᠠᠭ  

 ᠬᠠᠷᠠᠩᠭᠤᠢ ᠰᠥᠨᠢ ᠪᠡᠷ 
 ᠬᠠᠮᠢᠭᠠᠰᠢ ᠯᠠ ᠬᠠᠷᠠᠪᠠᠯ 
 ᠠᠰᠠᠵᠤ ᠬᠠᠷᠠᠭᠳᠠᠨ᠎ᠠ᠃  

 ᠬᠠᠷᠭᠤᠢ ᠡᠪᠬᠡᠵᠦ 
 ᠬᠠᠮᠢᠭ᠎ᠠ ᠴᠦ᠍ ᠶᠠᠪᠤᠭᠰᠠᠨ 
 ᠳᠠᠭᠠᠵᠤ ᠬᠠᠷᠠᠭᠳᠠᠨ᠎ᠠ᠃  

 ᠳᠤᠷᠠᠰᠬᠤ ᠦᠭᠡᠢ ᠪᠠᠢᠶ᠎ᠠ ᠳᠠ! ᠭᠡᠰᠡᠨ ᠴᠦ᠍ 
 ᠳᠤᠷᠠᠰᠤᠭᠳᠠᠨ᠎ᠠ᠃ 
 ᠳᠤᠷᠠᠰᠤᠭᠳᠠᠨ᠎ᠠ᠃ 
 ᠪᠠᠢᠵᠤ ᠶᠠᠳᠠᠲᠠᠯ᠎ᠠ ᠳᠤᠷᠠᠰᠤᠭᠳᠠᠨ᠎ᠠ 
 ᠠᠮᠠᠷᠠᠭ        
      
          2010 ᠣᠨ  

         ᠦᠰᠦᠭ ᠠᠮᠢᠯᠠᠭᠤᠯᠤᠭᠴᠢ᠄ ᠡᠩᠬᠡᠪᠠᠲᠤ  
              ᠦᠰᠦᠭ ᠬᠢᠨᠠᠭᠴᠢ᠄ ᠪᠠᠶᠠᠷᠴᠡᠴᠡᠭ