ᠴᠢᠮᠠᠶ᠋ᠢ ᠪᠢ ᠶᠡᠬᠡ ᠬᠠᠶ᠋ᠢᠷᠠᠯᠠᠭᠰᠠᠨ— ᠪᠠᠪᠤᠤ ᠶ᠋ᠢᠨ ᡀᠬᠠᠪᠠᠰᠥ᠋ᠷᠦᠩ Чамайг би их хайрласан — Бавуугийн Лхагвасүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠮᠠᠶ᠋ᠢ ᠪᠢ ᠶᠡᠬᠡ ᠬᠠᠶ᠋ᠢᠷᠠᠯᠠᠭᠰᠠᠨ— ᠪᠠᠪᠤᠤ ᠶ᠋ᠢᠨ ᡀᠬᠠᠪᠠᠰᠥ᠋ᠷᠦᠩ Чамайг би их хайрласан — Бавуугийн Лхагвасүрэн

ᠴᠢᠮᠠᠶ᠋ᠢ ᠪᠢ ᠶᠡᠬᠡ ᠬᠠᠶ᠋ᠢᠷᠠᠯᠠᠭᠰᠠᠨ— ᠪᠠᠪᠤᠤ ᠶ᠋ᠢᠨ ᡀᠬᠠᠪᠠᠰᠥ᠋ᠷᠦᠩ Чамайг би их хайрласан — Бавуугийн Лхагвасүрэн

2024-12-11

1099

ᠴᠢᠮᠠᠶ᠋ᠢ ᠪᠢ ᠶᠡᠬᠡ ᠬᠠᠶ᠋ᠢᠷᠠᠯᠠᠭᠰᠠᠨ



 ᠢᠨᠢᠶᠡᠵᠦ ᠵᠢᠷᠭᠠᠬᠤ ᠳ᠋ᠤ᠌ ᠴᠢᠨᠢ ᠳᠠᠭᠠᠵᠤ 
 ᠪᠠᠶᠠᠷ ᠳᠡᠪᠡᠷᠡᠭᠡᠨ《ᠣᠷᠬᠢᠵᠤ》 ᠬᠠᠢᠷᠠᠯᠠᠭᠰᠠᠨ᠁  

 ᠡᠨᠡᠯᠵᠦ ᠡᠪᠡᠳᠬᠦ ᠳ᠋ᠦ᠍ ᠴᠢᠨᠢ ᠰᠠᠨᠳᠤᠷᠴᠤ 
 ᠪᠠᠢᠵᠤ ᠴᠢᠳᠠᠬᠤ ᠦᠭᠡᠢ《ᠲᠡᠪᠡᠳᠡᠵᠦ》 ᠬᠠᠢᠷᠠᠯᠠᠭᠰᠠᠨ᠁  

 ᠤᠨᠲᠠᠭᠠᠳ ᠵᠡᠭᠦᠳᠦᠯᠡᠬᠦ ᠳ᠋ᠦ᠍ ᠴᠢᠨᠢ 
 ᠰᠡᠷᠡᠭᠡᠵᠦ ᠴᠢᠳᠠᠬᠤ ᠦᠭᠡᠢ《ᠬᠠᠯᠭᠠᠵᠤ》 ᠬᠠᠢᠷᠠᠯᠠᠭᠰᠠᠨ᠁  

 ᠤᠴᠠᠭᠠᠷ ᠲᠠᠢ ᠵᠦᠳᠡᠬᠦ ᠳ᠋ᠦ᠍ ᠴᠢᠨᠢ 
 ᠳᠤᠤᠭᠠᠷᠴᠤ ᠴᠢᠳᠠᠬᠤ ᠦᠭᠡᠢ《ᠪᠡᠷᠬᠡᠵᠦ》 ᠬᠠᠢᠷᠠᠯᠠᠭᠰᠠᠨ᠁  

 ᠤᠬᠢᠯᠠᠵᠤ ᠰᠠᠭᠤᠬᠤ ᠳ᠋ᠤ᠌ ᠴᠢᠨᠢ ᠮᠡᠯᠡᠷᠡᠵᠦ 
 ᠠᠷᠴᠢᠵᠤ ᠴᠢᠳᠠᠬᠤ ᠦᠭᠡᠢ《ᠤᠢᠮᠤᠷᠠᠵᠤ》 ᠬᠠᠢᠷᠠᠯᠠᠭᠰᠠᠨ᠁  

 ᠤᠢᠳᠬᠠᠷ ᠲᠠᠢ ᠪᠠᠢᠬᠤ ᠳ᠋ᠤ᠌ ᠴᠢᠨᠢ ᠮᠡᠳᠡᠷᠡᠵᠦ 
 ᠠᠰᠠᠭᠤᠵᠤ ᠴᠢᠳᠠᠬᠤ ᠦᠭᠡᠢ《ᠪᠠᠭᠲᠠᠷᠠᠵᠤ》 ᠬᠠᠢᠷᠠᠯᠠᠭᠰᠠᠨ᠁  

 ᠴᠢᠮᠠᠶ᠋ᠢ ᠪᠢ ᠶᠡᠬᠡ ᠬᠠᠢᠷᠠᠯᠠᠭᠰᠠᠨ᠃    

           2010 ᠣᠨ  

      ᠦᠰᠦᠭ ᠠᠮᠢᠯᠠᠭᠤᠯᠤᠭᠴᠢ᠄ ᠡᠩᠬᠡᠪᠠᠲᠤ  
         ᠦᠰᠦᠭ ᠬᠢᠨᠠᠭᠴᠢ᠄ ᠪᠠᠶᠠᠷᠴᠡᠴᠡᠭ