ᠪᠣᠳᠣᠬᠤ ᠪᠠᠷ ᠁ - ᠱ ᠂ ᠭᠦᠷᠦᠪᠠᠽᠠᠷ Бодхоор… – Ш᠂ Гүрбазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠳᠣᠬᠤ ᠪᠠᠷ ᠁ - ᠱ ᠂ ᠭᠦᠷᠦᠪᠠᠽᠠᠷ Бодхоор… – Ш᠂ Гүрбазар

ᠪᠣᠳᠣᠬᠤ ᠪᠠᠷ ᠁ - ᠱ ᠂ ᠭᠦᠷᠦᠪᠠᠽᠠᠷ Бодхоор… – Ш᠂ Гүрбазар

2024-12-10

522

ᠪᠣᠳᠣᠬᠤ ᠪᠡᠷ ᠁


 ᠬᠠᠪᠤᠷ ᠢᠷᠡᠭᠰᠡᠨ ᠰᠢᠪᠠᠭᠤ 
 ᠨᠠᠮᠤᠷ ᠪᠤᠴᠠᠨ᠎ᠠ ᠭᠡᠵᠦ ᠪᠣᠳᠣᠬᠤ ᠪᠠᠷ 
 ᠵᠡᠷᠭᠡᠯᠭᠡ ᠬᠥᠰᠢᠨ 
 ᠵᠡᠭᠡᠰᠦ ᠴᠠᠷᠴᠠᠬᠤ ᠰᠢᠭ᠋  

 ᠬᠣᠯᠠ ᠠ᠋ᠴᠠ ᠢᠷᠡᠭᠰᠡᠨ ᠪᠡᠷᠢ 
 ᠡᠨᠳᠡ ᠪᠠᠨ ᠯᠠ ᠭᠡᠵᠦ ᠪᠣᠳᠣᠬᠤ ᠪᠠᠷ 
 ᠰᠢᠨᠡᠬᠡᠨ ᠳᠠᠩᠰᠠ 
 ᠰᠠᠯᠬᠢᠨ ᠳ᠋ᠤ᠌ ᠭᠠᠩᠳᠠᠬᠤ ᠰᠢᠭ᠋  

 ᠠᠩᠭᠢᠷ ᠪᠤᠶᠠᠨᠲᠤ ᠡᠵᠢ ᠶ᠋ᠢᠨ ᠢ᠋ᠶ᠋ᠡᠨ 
 ᠠᠴᠢ ᠶ᠋ᠢ ᠨᠢ ᠬᠠᠷᠢᠭᠤᠯᠠᠳᠠᠭ ᠦᠭᠡᠢ ᠶ᠋ᠢ ᠪᠣᠳᠣᠬᠤ ᠪᠠᠷ 
 ᠡᠨᠡᠷᠢᠬᠦᠢ ᠶ᠋ᠢᠨ ᠤᠭ ᠢᠵᠢᠢ ᠶ᠋ᠢ ᠮᠢᠨᠢ 
 ᠡᠷᠯᠢᠭ ᠪᠤᠯᠢᠶᠠᠴᠢᠬᠠᠬᠤ ᠰᠢᠭ᠋  

 ᠭᠢᠰᠬᠢᠭᠦᠯᠦᠭᠰᠡᠨ ᠡᠪᠡᠰᠦᠨ ᠦ᠌ ᠶᠣᠣᠯᠠᠬᠤ ᠶ᠋ᠢ 
 ᠭᠠᠵᠠᠷ ᠴᠦ᠍ ᠰᠣᠨᠣᠰᠳᠠᠭ ᠦᠭᠡᠢ ᠶ᠋ᠢ ᠪᠣᠳᠣᠬᠤ ᠪᠠᠷ 
 ᠴᠢᠨᠠᠳᠤ ᠶ᠋ᠢᠨ ᠰᠢᠪᠡᠨᠡᠭᠡ ᠭᠡᠭᠴᠢ 
 ᠱᠠᠯ ᠬᠤᠳᠠᠯ ᠴᠦ᠍ ᠶᠤᠮ ᠰᠢᠭ᠋ 

 ᠰᠡᠳᠬᠢᠯ ᠦ᠋ᠨ ᠳᠣᠲᠣᠷᠠᠬᠢ ᠪᠤᠭ 
 ᠪᠤᠷᠬᠠᠨ ᠲᠠᠢ ᠠᠳᠠᠷᠠᠯᠳᠤᠳᠠᠭ ᠢ᠋ ᠪᠣᠳᠣᠬᠤ ᠪᠠᠷ 
 ᠰᠠᠨᠠᠭᠠᠨ ᠤ᠋ ᠡᠨᠳᠡ 
 ᠪᠣᠳᠣᠯ ᠤ᠋ᠨ ᠰᠢᠯᠲᠠᠭ ᠮᠡᠲᠦ  

 ᠰᠦᠮ᠎ᠡ ᠶ᠋ᠢᠨ ᠱᠠᠲᠤ ᠪᠠᠷ ᠥᠭᠰᠥᠯ᠎ᠡ ᠭᠡᠳ 
 ᠠᠷᠢᠭᠤᠰᠤᠯ ᠤ᠋ᠨ ᠣᠷᠣᠢ ᠳ᠋ᠤ᠌ ᠬᠦᠷᠬᠦ ᠦᠭᠡᠢ ᠶ᠋ᠢ ᠪᠣᠳᠣᠬᠤ ᠪᠠᠷ 
 ᠦᠢᠯᠡ ᠶ᠋ᠢᠨ ᠦᠷ᠎ᠡ ᠳ᠋ᠡᠭᠡᠨ 
 ᠥᠪᠡᠷ ᠢ᠋ᠶ᠋ᠡᠨ ᠰᠢᠩᠭᠡᠬᠦ ᠮᠡᠲᠦ  

 ᠰᠢᠷ᠎ᠠ ᠵᠠᠮ ᠤ᠋ᠨ ᠤᠷᠲᠤ ᠶ᠋ᠢ 
 ᠠᠯᠭᠠᠰᠠᠯ ᠦᠭᠡᠢ ᠲᠣᠭᠣᠴᠢᠬᠤ ᠶ᠋ᠢ ᠪᠣᠳᠣᠬᠤ ᠪᠠᠷ 
 ᠨᠠᠷᠠᠨ ᠤ᠋ ᠴᠠᠷᠪᠠᠭᠤ 
 ᠨᠠᠰᠤ ᠶ᠋ᠢ ᠮᠢᠨᠢ ᠰᠠᠷᠠᠴᠢᠬᠤ ᠰᠢᠭ᠋  

 ᠥᠲᠡᠯᠦᠭᠰᠡᠨ ᠨᠣᠬᠠᠢ 
 ᠭᠥᠯᠦᠭᠡᠨ ᠡᠴᠡ ᠪᠡᠨ ᠠᠶᠤᠳᠠᠭ ᠢ᠋ ᠪᠣᠳᠣᠬᠤ ᠪᠠᠷ 
 ᠥᠩᠭᠡᠷᠡᠭᠰᠡᠨ ᠴᠠᠭ 
 ᠰᠡᠮᠡᠷᠡᠭᠰᠡᠨ ᠬᠠᠳᠠᠭ ᠰᠢᠭ᠋  

 ᠡᠪᠦᠭᠡᠨ ᠰᠢᠪᠠᠭᠤᠨ ᠤ᠋ ᠴᠢᠨᠠᠳᠤ 
 ᠦᠯᠢᠭᠡᠷ ᠪᠠᠢᠭᠰᠠᠨ ᠢ᠋ ᠪᠣᠳᠣᠬᠤ ᠪᠠᠷ 
 ᠳᠣᠮᠣᠭ ᠤ᠋ᠨ ᠰᠠᠨᠠᠭ᠎ᠠ ᠪᠤᠳᠤᠯᠢᠵᠤ 
 ᠳᠣᠷᠣᠨ᠎ᠠ ᠶ᠋ᠢᠨ ᠦᠨᠡᠮᠰᠢᠯ ᠰᠠᠷᠨᠢᠬᠤ ᠰᠢᠭ᠋  

 ᠡᠭᠦᠯᠡᠨ ᠴᠢᠨᠠᠳᠤ ᠠ᠋ᠴᠠ ᠨᠠᠷᠠᠨ ᠤᠷᠭᠤᠯ᠎ᠠ ᠴᠦ᠍
 ᠵᠢᠷᠭᠠᠨ᠎ᠠ ᠯᠠ ᠭᠡᠵᠦ ᠪᠣᠳᠣᠬᠤ ᠪᠠᠷ 
 ᠦᠷ᠎ᠡ ᠶ᠋ᠢᠨ ᠢ᠋ᠶ᠋ᠡᠨ ᠦᠷ᠎ᠡ ᠶ᠋ᠢᠨ ᠳᠡᠷᠭᠡᠳᠡ 
 ᠵᠢᠭᠠᠬᠠᠨ ᠬᠣᠷᠭᠣᠳᠠᠮᠠᠷ  

 ᠶᠢᠷᠲᠢᠨᠴᠦ ᠶ᠋ᠢᠨ ᠲᠢᠭ ᠳᠠᠪᠬᠤᠴᠠᠵᠤ 
 ᠣᠷᠴᠢᠯᠠᠩ ᠤᠢᠮᠤᠷᠠᠬᠤ ᠶ᠋ᠢ ᠪᠣᠳᠣᠬᠤ ᠪᠠᠷ 
 ᠰᠡᠷᠢᠭᠦᠨ ᠲᠩᠷᠢ 
 ᠴᠠᠷᠴᠠᠭᠤ ᠬᠠᠷᠠᠭᠳᠠᠬᠤ ᠰᠢᠭ᠋  

 ᠦᠢᠯᠡ ᠪᠡᠨ ᠦᠵᠡᠲᠡᠯ᠎ᠡ ᠡᠷᠢᠯ᠎ᠡ ᠭᠡᠳ 
 ᠦᠨᠡᠨ ᠪᠠᠢᠳᠠᠭ ᠦᠭᠡᠢ ᠶ᠋ᠢ ᠪᠣᠳᠣᠬᠤ ᠪᠠᠷ 
 ᠡᠷᠡᠭᠦᠯ ᠰᠣᠭᠲᠣᠭᠤ ᠬᠣᠶᠠᠷ 
 ᠢᠪ ᠢᠵᠢᠯᠢᠬᠡᠨ ᠬᠠᠷᠠᠭᠳᠠᠬᠤ ᠰᠢᠭ᠋  

 ᠦᠰᠦ ᠪᠡᠨ ᠴᠠᠢᠲᠠᠯ᠎ᠠ ᠵᠠᠯᠪᠠᠷᠢᠯ᠎ᠠ ᠭᠡᠳ 
 ᠦᠢᠯᠡ ᠶ᠋ᠢ ᠲᠣᠭᠣᠷᠢᠳᠠᠭ ᠦᠭᠡᠢ ᠶ᠋ᠢ ᠯᠡ ᠪᠣᠳᠣᠬᠤ ᠪᠠᠷ 
 ᠡᠬᠢᠯᠡᠯ ᠲᠡᠭᠦᠰᠬᠡᠯ ᠬᠣᠶᠠᠷ 
 ᠢᠪ ᠢᠵᠢᠯᠢᠬᠡᠨ ᠴᠦ᠍ ᠶᠤᠮ ᠰᠢᠭ᠋   

 ᠪᠣᠳᠣᠬᠤ ᠪᠠᠷ  
        ᠪᠣᠳᠣᠬᠤ ᠪᠠᠷ   
              ᠪᠣᠳᠣᠬᠤ ᠪᠠᠷ ᠯᠠ᠁  

 ᠬᠠᠮᠤᠭ ᠤ᠋ᠨ ᠲᠡᠨᠡᠭ ᠬᠥᠮᠦᠨ ᠴᠦ᠍
 ᠪᠤᠷᠬᠠᠨ ᠪᠠᠢᠵᠤ ᠪᠣᠯᠬᠤ ᠪᠠᠷ 
 ᠬᠠᠳᠠᠭ ᠤ᠋ᠨ ᠴᠡᠩᠬᠡᠷ ᠨᠦᠮᠵᠦᠭ 
 ᠪᠤᠶᠠᠨ ᠪᠤᠯᠢᠶᠠᠵᠤ ᠮᠡᠳᠡᠬᠦ ᠪᠡᠷ᠃  

        ᠦᠰᠦᠭ ᠠᠮᠢᠯᠠᠭᠤᠯᠤᠭᠴᠢ᠄ ᠡᠩᠬᠡᠪᠠᠲᠤ  
           ᠦᠰᠦᠭ ᠬᠢᠨᠠᠭᠴᠢ᠄ ᠪᠠᠶᠠᠷᠴᠡᠴᠡᠭ