ᠦᠵᠡᠰᠬᠦᠯᠡᠩᠲᠦ ᠳᠤᠷᠠᠳᠤᠯ — ᠪᠠᠪᠤᠤ ᠶ᠋ᠢᠨ ᡀᠬᠠᠪᠠᠰᠥ᠋ᠷᠦᠩ Үзэсгэлэнт дурдал — Бавуугийн Лхагвасүрэн
ᠦᠵᠡᠰᠬᠦᠯᠡᠩᠲᠦ ᠳᠤᠷᠠᠳᠤᠯ
ᠴᠢᠨᠦ — ᠬᠠᠢᠷᠠᠯᠠᠬᠤ᠂ ᠦᠵᠡᠨ ᠶᠠᠳᠠᠬᠤ
ᠠᠰᠬᠠᠷᠠᠭᠰᠠᠨ ᠲᠣᠳᠣᠷᠬᠠᠢ
ᠬᠠᠷ᠎ᠠ ᠨᠢᠳᠦ
ᠴᠢᠬᠢᠷ᠎ᠡ ᠬᠦᠷᠦᠭᠡ ᠦᠭᠡᠢ ᠠᠭᠯᠠᠭ ᠲᠤ
ᠰᠠᠷ᠎ᠠ ᠶ᠋ᠢ ᠨᠤᠭᠤᠯᠤᠨ ᠮᠡᠯᠳᠡᠷᠡᠭᠰᠡᠨ
ᠠᠭᠤᠯᠠ ᠶ᠋ᠢᠨ ᠨᠠᠭᠤᠷ ᠢ᠋ ᠳᠤᠷᠠᠳᠤᠨ᠎ᠠ᠃
ᠴᠢᠨᠦ — ᠵᠢᠷᠦᠬᠡᠨ ᠦ᠌ ᠪᠡᠨ ᠳᠣᠷᠭᠢᠶᠠᠨ ᠳ᠋ᠤ᠌ ᠥᠮᠥᠯᠵᠡᠬᠦ
ᠲᠣᠨᠣᠭᠰᠠᠨ ᠰᠦ ᠮᠡᠲᠦ
ᠡᠩᠬᠦᠷᠡᠢ ᠴᠡᠭᠡᠵᠢ
ᠴᠢᠨᠦᠷᠡᠭᠰᠡᠨ ᠬᠤᠷ᠎ᠠ ᠢᠪᠢᠯᠭᠡᠵᠦ
ᠠᠭᠤᠯᠠ ᠶ᠋ᠢᠨ ᠡᠯᠢᠭᠡᠨ ᠳ᠋ᠦ᠍ ᠬᠢᠷᠤᠭᠰᠠᠨ
ᠴᠠᠭᠠᠨ ᠡᠭᠦᠯᠡ ᠶ᠋ᠢ ᠳᠤᠷᠠᠳᠤᠨ᠎ᠠ᠃
ᠴᠢᠨᠦ — ᠬᠥᠳᠡᠯᠬᠦ ᠲᠣᠭᠠᠯᠠᠩ ᠳ᠋ᠠᠭᠠᠨ
ᠡᠬᠡᠰᠢᠭ ᠲᠡᠳᠡᠨ ᠨᠠᠮᠢᠷᠠᠬᠤ
ᠡᠩᠭᠡᠷ ᠦ᠋ᠨ ᠥᠷᠪᠡᠯᠭᠡ ᠰᠢᠭ ᠭᠠᠷ
ᠬᠥᠬᠡ ᠡᠪᠡᠰᠦᠨ ᠦ᠌ ᠲᠣᠯᠣᠭᠠᠢ ᠶ᠋ᠢ
ᠲᠩᠷᠢ ᠢᠯᠢᠬᠦ ᠶ᠋ᠢ ᠳᠤᠷᠠᠳᠤᠨ᠎ᠠ᠃
ᠴᠢᠨᠦ — ᠣᠷᠣᠢ ᠨᠠᠮᠤᠷ ᠤ᠋ᠨ ᠰᠥᠳᠦᠨ ᠦ᠌
《ᠦᠵᠦᠮ》 ᠮᠡᠲᠦ ᠬᠥᠬᠥᠨ ᠦ᠌
ᠲᠣᠪᠴᠢ
ᠣᠷᠴᠢᠯᠠᠩ ᠬᠥᠬᠥᠵᠦ ᠲᠠᠢᠳᠬᠤᠷᠠᠬᠤ
《ᠰᠦᠨ》 ᠪᠤᠯᠠᠭ ᠤ᠋ᠨ
ᠵᠤᠯᠠᠢ ᠶ᠋ᠢ ᠳᠤᠷᠠᠳᠤᠨ᠎ᠠ᠃
ᠴᠢᠨᠦ — ᠡᠭᠳᠡᠭᠦᠦ ᠶ᠋ᠢᠨ ᠲᠠᠷᠨᠢᠳᠦ ᠡᠰ ᠢ᠋ᠶ᠋ᠡᠷ
ᠪᠦᠲᠦᠭᠰᠡᠨ ᠭᠤᠩᠬᠠᠯᠠᠩᠳᠦ ᠪᠡᠯᠬᠡᠭᠦᠰᠦ
ᠡᠭᠴᠡᠬᠡᠨ ᠬᠠᠰᠠᠷᠪᠠᠨᠢ ᠮᠣᠳᠣ
ᠠᠮᠢᠰᠬᠤᠭᠠᠨ ᠳ᠋ᠤ᠌ ᠭᠠᠩᠬᠤᠬᠤ ᠶ᠋ᠢ ᠳᠤᠷᠠᠳᠤᠨ᠎ᠠ᠃
ᠴᠢᠨᠦ — ᠤᠬᠠᠭᠠᠨ ᠲᠦᠷᠢᠮᠡᠬᠡᠢ ᠲᠠᠷᠢᠬᠢ
ᠪᠦᠷᠢᠯᠳᠦᠬᠦ ᠢᠵᠢᠢ ᠠᠯᠲᠠᠨ《ᠠᠮᠠᠰᠠᠷ》
ᠤᠯᠠᠩᠭᠠᠰᠤᠭᠰᠠᠨ᠂ ᠵᠥᠭᠡᠢ ᠢᠳᠤᠭᠠᠯᠠᠬᠤ
ᠴᠡᠴᠡᠭ ᠦ᠋ᠨ ᠪᠤᠲᠠ ᠶ᠋ᠢ ᠳᠤᠷᠠᠳᠤᠨ᠎ᠠ᠃
ᠴᠢᠨᠦ — ᠪᠠᠷᠤᠭ ᠪᠦᠷᠦᠭ ᠦ᠋ᠨ ᠮᠣᠳᠣᠳ
ᠣᠳᠣᠳ ᠤ᠋ᠨ ᠡᠰᠢ ᠮᠡᠲᠦ ᠬᠠᠷᠠᠭᠳᠠᠬᠤ ᠲᠠᠢ
ᠢᠵᠢᠯᠢ ᠴᠢᠯᠭᠡᠷ ᠬᠥᠯ
ᠪᠠᠳᠮ᠎ᠠ ᠶ᠋ᠢᠨ ᠴᠡᠴᠡᠭ ᠵᠢᠭᠢᠵᠦ
ᠠᠳᠢᠰᠯᠠᠬᠤ ᠪᠤᠷᠬᠠᠨ ᠤ᠋
ᠪᠣᠢᠪᠢ ᠶ᠋ᠢ ᠳᠤᠷᠠᠳᠤᠨ᠎ᠠ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
