ᠦᠨᠡᠨ ᠶᠣᠰᠣ – ᠭᠡ ᠂ ᠪᠤᠶᠠᠨᠪᠠᠲᠤ Үнэн ёс – Г᠂ Буянбат
ᠦᠨᠡᠨ ᠶᠣᠰᠣ
ᠦᠨᠡᠨ ᠶᠣᠰᠣ — ᠦᠨᠡᠨ ᠢ᠋ ᠦᠨᠡᠨ ᠢ᠋ᠶ᠋ᠡᠷ ᠨᠢ ᠲᠤᠰᠬᠠᠳᠠᠭ ᠶᠣᠰᠣ᠃
ᠦᠨᠡᠨ ᠶᠣᠰᠣ᠂ ᠰᠦᠷ ᠲᠡᠢ ᠪᠦᠬᠦᠨ ᠢ᠋ ᠠᠪᠤ ᠲᠠᠨᠢᠭᠠᠳ ᠰᠦᠰᠦᠭᠯᠡᠵᠦ ᠲᠡᠭᠦᠨ ᠳ᠋ᠦ᠍ ᠮᠥᠷᠭᠥᠳᠡᠭ ᠦᠭᠡᠢ᠂ ᠰᠦ ᠲᠡᠢ ᠪᠦᠬᠦᠨ ᠢ᠋ ᠡᠵᠢ ᠲᠠᠨᠢᠭᠠᠳ ᠰᠥᠭᠥᠳᠴᠦ ᠲᠡᠭᠦᠨ ᠢ᠋ ᠬᠥᠬᠥᠳᠡᠭ ᠦᠭᠡᠢ᠃ ᠁
ᠦᠨᠡᠨ ᠶᠣᠰᠣ᠂ ᠬᠠᠤᠯᠢ ᠶ᠋ᠢ ᠭᠠᠤᠯᠢ ᠪᠣᠯᠭᠠᠭᠠᠳ ᠬᠠᠷ᠎ᠠ ᠠᠮᠢ ᠪᠠᠨ ᠪᠣᠷᠣᠯᠠᠭᠤᠯᠵᠤ ᠶᠠᠪᠤᠳᠠᠭ ᠦᠭᠡᠢ᠂ ᠵᠠᠷᠴᠢᠮ ᠢ᠋ ᠵᠣᠭᠣᠰ ᠪᠣᠯᠭᠠᠭᠠᠳ ᠵᠢᠭᠰᠢᠭᠦᠷᠢᠲᠦ ᠠᠮᠢ ᠪᠠᠨ ᠪᠣᠷᠣᠯᠠᠭᠤᠯᠳᠠᠭ ᠦᠭᠡᠢ᠃ ᠁
ᠦᠨᠡᠨ ᠶᠣᠰᠣ ᠲᠥᠪ ᠭᠣᠣᠯᠴᠢ!
ᠬᠣᠶᠠᠷ
ᠦᠨᠡᠨ ᠶᠣᠰᠣ — ᠦᠨᠡᠨ ᠢ᠋ ᠦᠨᠡᠨ ᠢ᠋ᠶ᠋ᠡᠷ ᠨᠢ ᠲᠠᠢᠯᠪᠤᠷᠢᠯᠠᠳᠠᠭ ᠶᠣᠰᠣ᠃
ᠦᠨᠡᠨ ᠶᠣᠰᠣ᠂ ᠥᠩᠭᠡᠲᠦ ᠶᠢᠷᠲᠢᠨᠴᠦ ᠶ᠋ᠢᠨ ᠦᠢ ᠲᠦᠮᠡᠨ ᠬᠡᠷᠡᠭ ᠪᠣᠳᠠᠰ ᠢ᠋ ᠣᠯᠢᠭᠠᠷ ᠨᠢᠳᠦ ᠪᠡᠷ ᠣᠯᠢᠤ ᠦᠵᠡᠳᠡᠭ ᠦᠭᠡᠢ᠂ ᠰᠣᠯᠢᠭᠠᠷ ᠨᠢᠳᠦ ᠪᠡᠷ ᠰᠣᠯᠢᠤ ᠬᠠᠷᠠᠳᠠᠭ ᠦᠭᠡᠢ᠃ ᠁
ᠦᠨᠡᠨ ᠶᠣᠰᠣ᠂ ᠪᠠᠯ ᠢ᠋ ᠪᠠᠭᠠᠰᠤ ᠭᠡᠮᠡᠨ ᠠᠨᠳᠠᠭᠤᠷᠠᠨ ᠵᠢᠭᠰᠢᠳᠡᠭ ᠦᠭᠡᠢ᠂ ᠪᠠᠭᠠᠰᠤ ᠶ᠋ᠢ ᠪᠠᠯ ᠭᠡᠮᠡᠨ ᠠᠮᠲᠠᠷᠬᠠᠨ ᠳᠣᠯᠢᠶᠠᠳᠠᠭ ᠦᠭᠡᠢ᠃ ᠁
ᠦᠨᠡᠨ ᠶᠣᠰᠣ ᠵᠥᠪ ᠣᠨᠣᠪᠴᠢᠲᠠᠢ᠃
ᠭᠤᠷᠪᠠ
ᠦᠨᠡᠨ ᠶᠣᠰᠣᠨ ᠤ᠋ ᠥᠩᠭᠡ ᠨᠢ ᠴᠠᠭᠠᠨ — ᠭᠬᠢᠷ ᠦᠭᠡᠢ ᠬᠤᠨ ᠴᠠᠭᠠᠨ᠂ ᠬᠣᠣᠷ ᠦᠭᠡᠢ ᠰᠦ ᠴᠠᠭᠠᠨ᠂ ᠬᠤᠢᠷᠠᠰᠢ ᠦᠭᠡᠢ ᠲᠤᠩ ᠴᠠᠭᠠᠨ᠂ ᠬᠡᠵᠢᠶ᠎ᠡ ᠡᠭᠦᠷᠢᠳᠡ ᠪᠠᠲᠤ ᠴᠠᠭᠠᠨ᠃
ᠬᠥᠬᠡ ᠶ᠋ᠢ ᠦᠵᠡᠪᠡᠯ ᠬᠦᠷᠪᠡᠴᠦ᠂ ᠰᠢᠷ᠎ᠠ ᠶ᠋ᠢ ᠦᠵᠡᠪᠡᠯ ᠰᠢᠷᠪᠠᠯᠵᠠᠵᠤ᠂ ᠠᠯᠠᠭ ᠢ᠋ ᠦᠵᠡᠪᠡᠯ ᠠᠯᠢᠶᠠᠷᠬᠠᠵᠤ᠂ ᠡᠷᠢᠶᠡᠨ ᠢ ᠦᠵᠡᠪᠡᠯ ᠡᠷᠪᠡᠯᠵᠡᠳᠡᠭ ᠲᠡᠢᠮᠦ ᠬᠥᠮᠦᠨ᠂ ᠦᠨᠡᠨ ᠶᠣᠰᠣᠨ ᠤ᠋ ᠪᠤᠶᠠᠨ ᠬᠡᠰᠢᠭ ᠢ᠋ ᠦᠰᠦ ᠬᠢᠯᠭᠠᠰᠤᠨ ᠤ᠋ ᠲᠡᠳᠦᠢ ᠴᠦ᠍ ᠣᠯᠵᠤ ᠬᠦᠷᠲᠡᠬᠦ ᠦᠭᠡᠢ᠂ ᠥᠭᠭᠢᠶᠡᠮᠦᠷ ᠲᠡᠭᠦᠨ ᠦ᠌ ᠥᠮᠴᠢᠨ ᠳᠡᠭᠡᠷ᠎ᠡ ᠦᠬᠦᠨ ᠦᠬᠦᠲᠡᠯ᠎ᠡ ᠪᠡᠨ ᠰᠠᠭᠤᠵᠤ ᠴᠢᠳᠠᠬᠤ ᠦᠭᠡᠢ᠃
ᠦᠨᠡᠨ ᠢ᠋ᠶ᠋ᠡᠨ ᠬᠡᠯᠡᠵᠦ ᠪᠡᠯᠡᠨ ᠢ᠋ᠶ᠋ᠡᠨ ᠢᠳᠡᠳᠡᠭ ᠴᠠᠭᠠᠨ ᠰᠡᠳᠬᠢᠯ ᠲᠡᠢ᠂ ᠴᠠᠢᠯᠭᠠᠨ ᠰᠠᠨᠠᠭ᠎ᠠ ᠲᠠᠢ ᠬᠥᠮᠦᠨ ᠪᠣᠯ ᠬᠠᠷᠢᠨ ᠦᠬᠡᠷ ᠲᠡᠷᠭᠡ ᠭᠡᠯᠢᠭᠡᠳ ᠭᠣᠢᠭᠣᠷᠤᠭᠤᠯᠵᠤ ᠶᠠᠪᠤᠭᠰᠠᠨ ᠴᠤ᠌ ᠦᠨᠡᠨ ᠶᠣᠰᠣᠨ ᠤ᠋ ᠴᠢᠨᠳᠠᠭᠠᠨ ᠴᠠᠭᠠᠨ ᠲᠠᠤᠯᠠᠢ ᠶ᠋ᠢ ᠡᠳᠦᠷ ᠦ᠋ᠨ ᠤᠳᠠᠭᠠᠨ ᠳ᠋ᠤ᠌ ᠪᠠᠨ ᠵᠠᠢᠯᠠᠰᠢ ᠦᠭᠡᠢ ᠬᠥᠭᠡᠭᠡᠵᠦ ᠭᠦᠢᠴᠡᠨ᠎ᠡ᠃
ᠳᠥᠷᠪᠡ
ᠦᠨᠡᠨ ᠶᠣᠰᠣ ᠬᠠᠮᠢᠭ᠎ᠠ ᠪᠠᠢᠨ᠎ᠠ?
ᠦᠨᠡᠨ ᠶᠣᠰᠣ᠂ ᠡᠷᠬᠡ ᠶ᠋ᠢᠨ ᠪᠠᠷᠢᠭᠤᠯ ᠳ᠋ᠤ᠌ ᠡᠰᠢᠯᠡᠭᠳᠡᠵᠦ ᠪᠠᠢᠬᠤ ᠪᠢᠰᠢ᠂ ᠵᠡᠷᠭᠡ ᠵᠢᠩᠰᠡᠨ ᠳ᠋ᠦ᠍ ᠵᠢᠮᠢᠰᠯᠡᠵᠦ ᠪᠠᠢᠬᠤ ᠪᠢᠰᠢ᠃
ᠦᠨᠡᠨ ᠶᠣᠰᠣ᠂ ᠪᠣᠭᠳᠠ ᠶ᠋ᠢᠨ ᠤᠯᠠᠭᠠᠨ ᠵᠠᠩᠭᠢᠶ᠎ᠠ ᠳ᠋ᠤ᠌ ᠣᠷᠣᠭᠠᠳ ᠪᠣᠭᠲᠣᠯᠠᠭᠳᠠᠵᠤ ᠢᠷᠡᠳᠡᠭ ᠪᠢᠰᠢ᠂ ᠪᠣᠷᠣ ᠽᠠᠨᠳᠠᠨ ᠮᠠᠨᠢ ᠶ᠋ᠢᠨ ᠡᠷᠡᠭᠡ ᠶ᠋ᠢ ᠳᠠᠭᠠᠭᠠᠳ ᠪᠥᠮᠪᠥᠷᠢᠭᠡᠳ ᠢᠷᠡᠳᠡᠭ ᠴᠦ᠍ ᠪᠢᠰᠢ᠃
ᠦᠨᠡᠨ ᠶᠣᠰᠣ ᠦᠢᠯᠡᠳᠦᠯᠭᠡ ᠳ᠋ᠦ᠍ ᠪᠣᠢ᠃
ᠦᠢᠯᠡᠳᠦᠯᠭᠡ᠂ ᠭᠠᠭᠴᠠ ᠬᠦ ᠦᠢ ᠲᠦᠮᠡᠨ ᠦ᠌ ᠶᠢᠷᠲᠢᠨᠴᠦ ᠶ᠋ᠢ ᠲᠠᠨᠢᠵᠤ᠂ ᠶᠢᠷᠲᠢᠨᠴᠦ ᠶ᠋ᠢ ᠥᠭᠡᠷᠡᠴᠢᠯᠡᠬᠦ ᠦᠢᠯᠡᠳᠦᠯᠭᠡ ᠪᠣᠯ ᠰᠠᠢ ᠦᠨᠡᠨ ᠶᠣᠰᠣᠨ ᠤ᠋ ᠦᠷ᠎ᠡ ᠶ᠋ᠢᠨ ᠬᠤᠲᠤᠭ ᠣᠷᠣᠰᠢᠨ ᠵᠠᠶᠠᠭᠠᠳᠠᠭ ᠣᠩᠭᠣᠨ ᠬᠥᠷᠥᠰᠥ᠂ ᠤᠤᠭᠠᠨ ᠭᠣᠯᠣᠮᠲᠠ ᠠ᠋ !
ᠲᠡᠭᠡᠬᠦᠯᠡᠷ《ᠣᠷᠣᠨ ᠳ᠋ᠤ᠌ ᠪᠠᠨ ᠰᠠᠭᠤᠭᠰᠠᠨ ᠮᠡᠷᠭᠡᠨ ᠡᠴᠡ ᠣᠯᠠᠨ ᠢ᠋ ᠲᠣᠭᠣᠷᠢᠭᠰᠠᠨ ᠮᠤᠩᠬᠠᠭ ᠳᠡᠭᠡᠷ᠎ᠡ 》ᠬᠡᠮᠡᠵᠦᠬᠦᠢ᠃
ᠲᠡᠭᠡᠬᠦᠯᠡᠷ《ᠵᠣᠷ ᠦᠵᠡᠭᠰᠡᠨ ᠡᠮᠴᠢ ᠡᠴᠡ ᠵᠣᠪᠠᠯᠠᠩ ᠦᠵᠡᠭᠰᠡᠨ ᠴᠢᠪᠠᠭᠠᠨᠴᠠ ᠳᠡᠭᠡᠷ᠎ᠡ》 ᠬᠡᠮᠡᠵᠦᠬᠦᠢ᠃
ᠰᠢᠷᠭᠠᠭᠤ ᠬᠥᠳᠡᠯᠮᠦᠷᠢ ᠶ᠋ᠢᠨ ᠬᠠᠯᠠᠭᠤᠨ ᠬᠥᠯᠥᠰᠥ ᠰᠢᠮᠡᠳᠦᠨ ᠨᠡᠪᠲᠡᠷᠡᠭᠰᠡᠨ ᠰᠢᠷᠣᠢ ᠳ᠋ᠤ᠌ ᠦᠨᠡᠨ ᠶᠣᠰᠣᠨ ᠤ᠋ ᠦᠷ᠎ᠡ ᠲᠠᠷᠢᠶ᠎ᠠ ᠦᠨᠳᠦᠰᠦ ᠬᠠᠳᠬᠤᠨ ᠤᠷᠭᠤᠵᠤ᠂ ᠴᠢᠬᠢ ᠲᠠᠯᠪᠢᠨ ᠥᠰᠦᠭᠡᠳ᠂ ᠰᠦᠢᠬᠡ ᠰᠠᠵᠢᠯᠠᠭᠤᠯᠤᠨ ᠮᠣᠨᠴᠣᠭᠯᠠᠳᠠᠭ᠃ ᠁
ᠰᠢᠳᠤᠷᠭᠤ ᠲᠡᠢᠨ ᠦ᠌ ᠰᠢᠷ᠎ᠠ ᠤᠳᠪᠠᠯᠠ ᠠᠩᠬᠢᠯᠤᠨ ᠳᠡᠯᠭᠡᠷᠡᠭᠰᠡᠨ ᠭᠠᠵᠠᠷ ᠲᠤ᠌ ᠦᠨᠡᠨ ᠶᠣᠰᠣᠨ ᠤ᠋ ᠦᠷ ᠦ᠋ᠨ ᠲᠤᠶᠠᠭ᠎ᠠ ᠤᠨᠢᠶᠠᠷ ᠬᠦᠳᠡᠩ ᠢ᠋ ᠨᠡᠪᠲᠡᠯᠦᠨ ᠰᠠᠴᠤᠷᠠᠭᠠᠳ ᠣᠶᠤᠨ ᠤ᠋ ᠬᠠᠷᠠᠩᠭᠤᠢ ᠶ᠋ᠢ ᠦᠯᠳᠡᠨ ᠬᠥᠭᠡᠭᠡᠳᠡᠭ᠃ ᠁
ᠦᠢᠯᠡᠳᠦᠯᠭᠡ — ᠦᠨᠡᠨ ᠶᠣᠰᠣᠨ ᠤ᠋ ᠥᠨᠢᠳᠡ ᠥᠲᠡᠯᠵᠦ ᠬᠥᠭᠰᠢᠷᠡᠳᠡᠭ ᠦᠭᠡᠢ᠂ ᠡᠭᠦᠷᠢᠳᠡ ᠦᠬᠦᠵᠦ ᠨᠥᠭᠴᠢᠳᠡᠭ ᠦᠭᠡᠢ ᠡᠬᠡ᠃
ᠲᠠᠪᠤ
ᠦᠨᠡᠨ ᠶᠣᠰᠣᠨ ᠤ᠋ ᠥᠰᠢᠶᠡᠲᠡᠨ ᠨᠢ ᠭᠠᠵᠢᠭᠤ ᠶᠣᠰᠣ᠃ ᠦᠨᠡᠨ ᠢ᠋ ᠬᠡᠯᠡᠭᠰᠡᠨ ᠬᠥᠮᠦᠨ᠂ ᠬᠥᠮᠦᠨ ᠳ᠋ᠦ᠍ ᠥᠰᠢᠶ᠎ᠡ ᠲᠡᠢ᠃ ᠥᠨᠳᠥᠷ ᠮᠣᠳᠣ ᠪᠠᠷᠢᠭᠰᠠᠨ ᠬᠥᠮᠦᠨ ᠨᠣᠬᠠᠢ ᠳ᠋ᠤ᠌ ᠥᠰᠢᠶ᠎ᠡ ᠲᠡᠢ᠃
ᠦᠨᠡᠨ ᠶᠣᠰᠣ ᠪᠣᠯ ᠭᠠᠵᠢᠭᠤ ᠶᠣᠰᠣ ᠲᠠᠢ ᠭᠠᠯ ᠤᠰᠤ ᠮᠡᠲᠦ ᠬᠠᠷᠰᠢᠯᠳᠤᠨ ᠲᠡᠮᠡᠴᠡᠯᠳᠦᠭᠡᠳ ᠭᠠᠷᠲᠠᠭᠠᠵᠤ ᠲᠡᠭᠦᠨ ᠢ᠋ ᠢᠯᠠᠬᠤ ᠶ᠋ᠢᠨ ᠳᠠᠭᠠᠤ ᠳ᠋ᠤ᠌ ᠲᠡᠰᠦᠷᠡᠰᠢ ᠦᠭᠡᠢ ᠥᠷᠨᠢᠨ ᠬᠥᠭᠵᠢᠳᠡᠭ ᠰᠠᠨ᠃ ᠭᠠᠵᠢᠭᠤ ᠶᠣᠰᠣ ᠦᠨᠡᠨ ᠶᠣᠰᠣ ᠶ᠋ᠢ ᠳᠠᠷᠤᠵᠤ ᠪᠤᠯᠠᠰᠢᠯᠠᠨᠠ ᠭᠡᠳ ᠭᠠᠯᠪᠠ ᠳᠡᠯᠡᠬᠡᠢ ᠳ᠋ᠦ᠍ ᠬᠡᠴᠢᠨᠡᠨ ᠠᠭᠠᠰᠢᠯᠠᠭᠰᠠᠨ ᠢ᠋ ᠪᠦᠦ ᠮᠡᠳᠡ᠃ ᠦᠨᠡᠨ ᠶᠣᠰᠣᠨ ᠤ᠋ ᠡᠮᠦᠨ᠎ᠡ ᠰᠢᠪᠰᠢᠭᠲᠦ ᠢᠯᠠᠭᠳᠠᠯ ᠳ᠋ᠤ᠌ ᠤᠴᠠᠷᠠᠯ᠎ᠠ — ᠭᠠᠪᠠ ᠭᠢᠨᠵᠢ ᠨᠢ ᠦᠨᠡᠨ ᠶᠣᠰᠣᠨ ᠤ᠋ ᠭᠠᠷ ᠬᠥᠯ ᠢ᠋ ᠲᠤᠱᠠᠵᠤ ᠶᠡᠷᠦ ᠴᠢᠳᠠᠭ᠎ᠠ ᠦᠭᠡᠢ᠂ ᠭᠢᠨᠳᠠᠨ ᠬᠣᠷᠢᠭᠤᠯ ᠨᠢ ᠦᠨᠡᠨ ᠶᠣᠰᠣᠨ ᠤ᠋ ᠭᠡᠷᠡᠯ ᠭᠢᠯᠪᠠᠭ᠎ᠠ ᠶ᠋ᠢ ᠬᠠᠯᠬᠠᠯᠠᠵᠤ ᠶᠡᠷᠦ ᠳᠡᠢᠯᠦᠭᠡ ᠦᠭᠡᠢ ᠂ ᠠᠯᠠᠯᠭ᠎ᠠ ᠬᠢᠳᠤᠯᠭ᠎ᠠ ᠨᠢ ᠦᠨᠡᠨ ᠶᠣᠰᠣᠨ ᠤ᠋ ᠠᠮᠢ ᠭᠣᠣᠯ ᠢ᠋ ᠲᠠᠰᠤᠯᠵᠤ ᠶᠡᠷᠦ ᠴᠢᠳᠠᠭ᠎ᠠ ᠦᠭᠡᠢ᠃
ᠦᠨᠡᠨ ᠶᠣᠰᠣ᠂ ᠭᠠᠵᠢᠭᠤ ᠶᠣᠰᠣ ᠶ᠋ᠢ ᠢᠯᠠᠭᠰᠠᠭᠠᠷ ᠢᠷᠡᠭᠰᠡᠨ ᠭᠡᠷᠡᠴᠢ ᠪᠠᠷᠢᠮᠲᠠ ᠭᠡᠪᠡᠯ ᠥᠨᠳᠥᠷ ᠲᠩᠷᠢ ᠶ᠋ᠢᠨ ᠦᠶ᠎ᠡ ᠲᠦᠮᠡᠨ ᠣᠳᠣᠨ ᠠ᠋ᠴᠠ ᠣᠯᠠᠨ ᠶᠤᠮ᠃ ᠵᠢᠱ᠌ᠢᠶ᠎ᠡ ᠨᠢᠭᠡ ᠶ᠋ᠢ ᠲᠠᠲᠠᠵᠤ ᠵᠦᠢᠴᠢᠯᠡᠵᠦ ᠬᠡᠯᠡᠪᠡᠯ ᠡᠢᠮᠦ᠄ ᠨᠠᠷᠠ ᠪᠣᠯ ᠳᠡᠯᠡᠬᠡᠢ ᠶ᠋ᠢᠨ ᠪᠥᠮᠪᠥᠷᠴᠡᠭ ᠢ᠋ ᠳᠠᠭᠠᠵᠤ ᠡᠷᠭᠢᠳᠡᠭ ᠭᠡᠳᠡᠭ ᠦᠵᠡᠯᠲᠡ ᠥᠷᠥᠨᠡᠳᠠᠬᠢᠨ ᠢ᠋ ᠮᠢᠩᠭ᠎ᠠ ᠢᠯᠡᠭᠦᠦ ᠵᠢᠯ ᠨᠣᠶᠠᠷᠬᠠᠵᠤ ᠥᠩᠭᠡᠷᠡᠪᠡ᠃ ᠬᠠᠷᠢ ᠶ᠋ᠢᠨ ᠱᠠᠰᠢᠨᠲᠠᠳ ᠡᠨᠡ ᠭᠠᠵᠢᠭᠤ ᠶᠣᠰᠣᠨ ᠤ᠋ ᠬᠠᠮᠠᠭᠠᠯᠠᠭᠴᠢ ᠪᠠᠢᠵᠠᠢ᠃ ᠬᠣᠵᠢᠮ ᠨᠢ ᠺᠦᠪᠧᠷᠨᠢᠺ ᠮᠡᠲᠦ ᠶ᠋ᠢᠨ ᠰᠢᠨᠵᠢᠯᠡᠬᠦ ᠤᠬᠠᠭᠠᠨᠲᠠᠨ ᠠ᠋ᠴᠠ ᠳᠡᠯᠡᠬᠡᠢ ᠶ᠋ᠢᠨ ᠪᠥᠮᠪᠥᠷᠴᠡᠭ ᠪᠣᠯ ᠨᠠᠷᠠ ᠶ᠋ᠢ ᠳᠠᠭᠠᠵᠤ ᠡᠷᠭᠢᠳᠡᠭ ᠭᠡᠰᠡᠨ ᠦᠨᠡᠨ ᠶᠣᠰᠣ ᠶ᠋ᠢ ᠲᠣᠳᠣᠯᠠᠨ ᠭᠠᠷᠭᠠᠪᠠ᠃ ᠬᠠᠷᠢ ᠶ᠋ᠢᠨ ᠱᠠᠰᠢᠨᠲᠠᠳ ᠥᠪᠡᠷᠰᠡᠳ ᠦ᠋ᠨ ᠢ᠋ᠶ᠋ᠡᠨ ᠬᠠᠷᠠᠩᠭᠤᠢ ᠨᠣᠶᠠᠷᠬᠠᠯ ᠢ᠋ ᠪᠠᠲᠤᠳᠬᠠᠬᠤ ᠶ᠋ᠢᠨ ᠲᠥᠯᠥᠭᠡ ᠡᠨᠡ ᠦᠨᠡᠨ ᠶᠣᠰᠣ ᠶ᠋ᠢ ᠲᠣᠳᠣᠯᠠᠨ ᠭᠠᠷᠭᠠᠭᠰᠠᠨ ᠰᠢᠨᠵᠢᠯᠡᠬᠦ ᠤᠬᠠᠭᠠᠨᠲᠠᠳ ᠢ᠋ ᠰᠦᠷᠳᠡᠭᠦᠯᠵᠦ ᠶᠡᠬᠡᠳᠡ ᠳᠠᠷᠤᠩᠭᠤᠢᠯᠠᠵᠠᠢ ᠭᠡᠬᠦ ᠳ᠋ᠦ᠍ ᠦᠨᠡᠨ ᠶᠣᠰᠣ ᠪᠣᠯ ᠦᠨᠡᠨ᠂ ᠦᠨᠡᠨ ᠤᠴᠢᠷ ᠠ᠋ᠴᠠ ᠥᠨᠢ ᠡᠭᠦᠷᠢᠳᠡ ᠨᠢᠴᠤᠭᠠᠭᠳᠠᠰᠢ ᠦᠭᠡᠢ ᠢᠯᠠᠭᠳᠠᠰᠢ ᠦᠭᠡᠢ ᠪᠠᠢᠳᠠᠭ ᠶᠤᠮ ᠪᠠᠢᠨ᠎ᠠ᠃ ᠡᠭᠦᠨ ᠢ᠋ ᠲᠡᠦᠬᠡ ᠭᠡᠷᠡᠴᠢᠯᠡᠭᠰᠡᠭᠡᠷ ᠢᠷᠡᠪᠡ᠃
ᠳᠡᠯᠡᠬᠡᠢ ᠶ᠋ᠢᠨ ᠪᠥᠮᠪᠥᠷᠴᠡᠭ ᠦᠨᠡᠨ ᠶᠣᠰᠣᠨ ᠤ᠋《ᠨᠠᠷᠠ》 ᠶ᠋ᠢ ᠳᠠᠭᠠᠭᠠᠳ ᠡᠷᠭᠢᠵᠦ ᠯᠡ ᠢᠷᠡᠪᠡ᠂ ᠡᠷᠭᠢᠭᠰᠡᠭᠡᠷ ᠴᠦ᠍ ᠪᠠᠢᠨ᠎ᠠ ᠡᠭᠦᠨ ᠡᠴᠡ ᠬᠣᠢᠰᠢ ᠴᠤ᠌ ᠭᠡᠰᠡᠨ ᠥᠨᠢ ᠡᠭᠦᠷᠢᠳᠡ᠂ ᠥᠨᠢ ᠡᠭᠦᠷᠢᠳᠡ ᠢᠩᠭᠢᠵᠦ ᠡᠷᠭᠢᠬᠦ ᠪᠣᠯᠤᠨ᠎ᠠ᠃ ᠤᠴᠢᠷ ᠨᠢ ᠡᠨᠡ ᠪᠣᠯ ᠦᠨᠡᠨ ᠶᠣᠰᠣ ᠮᠥᠨ!
ᠥᠩᠭᠡᠲᠦ ᠶᠢᠷᠲᠢᠨᠴᠦ ᠶ᠋ᠢᠨ ᠳᠡᠭᠡᠷ᠎ᠡ ᠦᠬᠦᠰᠢ ᠦᠭᠡᠢ ᠮᠥᠩᠬᠡ ᠶ᠋ᠢᠨ ᠰᠢᠳᠢ ᠶ᠋ᠢ ᠣᠯᠤᠭᠰᠠᠨ ᠶᠠᠭᠤᠮ᠎ᠠ ᠭᠡᠪᠡᠯ ᠦᠷ᠎ᠡ ᠶ᠋ᠢᠨ ᠭᠠᠭᠴᠠᠬᠠᠨ ᠪᠠᠢᠳᠠᠭ᠂ ᠡᠨᠡ ᠨᠢ ᠦᠨᠡᠨ ᠶᠣᠰᠣ ᠪᠣᠯᠤᠨ᠎ᠠ᠃ ᠦᠨᠡᠨ ᠶᠣᠰᠣ ᠶ᠋ᠢ ᠮᠠᠨᠳᠤᠲᠤᠭᠠᠢ ᠭᠡᠮᠡᠨ ᠬᠠᠰᠬᠢᠷᠤᠭᠰᠠᠨ ᠴᠤ᠌ ᠲᠡᠷᠡ᠂ ᠡᠰᠡ ᠬᠠᠰᠬᠢᠷᠤᠭᠰᠠᠨ ᠴᠤ᠌ ᠲᠡᠷᠡ᠂ ᠦᠨᠡᠨ ᠶᠣᠰᠣ ᠥᠨᠢ ᠡᠭᠦᠷᠢᠳᠡ ᠮᠥᠩᠬᠡᠵᠢᠬᠦ ᠶᠣᠰᠣᠲᠠᠢ᠃
ᠢᠷᠡᠯᠲᠡ᠄《ᠬᠡᠯᠡ ᠪᠢᠴᠢᠭ》
《ᠡᠷᠳᠡᠮ ᠦ᠋ᠨ ᠳᠠᠯᠠᠢ ᠶ᠋ᠢᠨ ᠰᠤᠪᠤᠳ ᠱᠦᠭᠦᠮᠡᠭ 》
ᠥᠪᠥᠷ ᠮᠣᠩᠭᠣᠯ ᠤ᠋ᠨ ᠪᠠᠭᠠᠴᠤᠳ ᠬᠡᠦᠬᠡᠳ ᠦ᠋ᠨ ᠬᠡᠪᠯᠡᠯ ᠦ᠋ᠨ ᠬᠣᠷᠢᠶ᠎ᠠ 1990 ᠣᠨ ᠤ᠋ ᠬᠡᠪᠯᠡᠯ
ᠦᠰᠦᠭ ᠠᠮᠢᠯᠠᠭᠤᠯᠤᠭᠰᠠᠨ ᠨᠢ᠄ ᠭᠠᠸᠠ
ᠬᠢᠨᠠᠭᠴᠢ᠄ ᠲᠤᠭᠴᠢ ᠰᠠᠷᠠᠨ᠎ᠠ
