ᠫᠣᠷᠣᠷᠣ᠋ ᠨᠢᠭᠡᠳᠦᠭᠡᠷ ᠪᠦᠯᠦᠭ22 ᠠᠩᠭᠢ ПоророPororo ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠫᠣᠷᠣᠷᠣ᠋ ᠨᠢᠭᠡᠳᠦᠭᠡᠷ ᠪᠦᠯᠦᠭ22 ᠠᠩᠭᠢ ПоророPororo

ᠫᠣᠷᠣᠷᠣ᠋ ᠨᠢᠭᠡᠳᠦᠭᠡᠷ ᠪᠦᠯᠦᠭ22 ᠠᠩᠭᠢ ПоророPororo

2024-12-22

1080

ᠫᠣᠷᠣᠷᠣ᠋ ᠨᠢᠭᠡᠳᠦᠭᠡᠷ ᠪᠦᠯᠦᠭ22 ᠠᠩᠭᠢ

 ᠪᠢᠴᠢᠬᠠᠨ ᠣᠴᠣᠩ ᠰᠢᠪᠠᠭᠤ ᠫᠣᠷᠣᠷᠣ᠋  

 ᠡᠬᠢᠯᠡᠯᠲᠡ ᠶ᠋ᠢᠨ ᠳᠠᠭᠤᠤ 
    ᠬᠥᠶᠢ ᠫᠣᠷᠣᠷᠣ᠋ ᠪᠠᠢᠨ᠎ᠠ 
    ᠲᠣᠭᠯᠠᠬᠤ ᠮᠠᠨᠢ ᠬᠠᠮᠤᠭ ᠤ᠋ᠨ ᠭᠣᠶᠣ 
    ᠨᠠᠢᠵᠠ ᠨᠤᠭᠤᠳ ᠠ᠋! ᠴᠤᠭᠯᠠᠭᠠᠷᠠᠢ 
    ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋ 
    ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ 
    ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ 
    ᠬᠡᠵᠢᠶᠡᠳᠡ ᠴᠦ᠍ ᠰᠣᠨᠢᠷᠬᠠᠯᠲᠠᠢ 
    ᠥᠨᠥᠳᠥᠷ ᠪᠠᠰᠠ ᠶᠠᠭᠤ  ᠪᠣᠯᠬᠤ ᠪᠣᠯ ᠫᠣᠷᠣᠷᠣ᠋ 
    ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋ 
    ᠫᠤᠷᠤ ᠫᠤᠷᠤ ᠫᠤᠷᠤ ᠫᠤᠷᠤ ᠫᠣᠷᠣᠷᠣ᠋ 
    ᠲᠣᠭᠯᠠᠬᠤ ᠮᠠᠨᠢ ᠬᠠᠮᠤᠭ ᠤ᠋ᠨ ᠭᠣᠶᠣ 
    ᠨᠠᠢᠵᠠ ᠨᠤᠭᠤᠳ ᠠ᠋! ᠴᠤᠭᠯᠠᠭᠠᠷᠠᠢ 
    ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋ 

  ᠯᠥᠤᠫᠢ ᠶ᠋ᠢ ᠠᠪᠤᠷᠠᠭᠰᠠᠨ ᠨᠢ 
ᠫᠣᠷᠣᠷᠣ᠋ ᠄ ᠯᠠ ᠯᠠ ᠁ ᠯᠠ 
ᠫᠣᠷᠣᠷᠣ᠋ ᠄ ᠠ ᠬᠠ ᠁ ᠵᠠ ᠪᠣᠯᠴᠢᠬᠠᠯ᠎ᠠ 
ᠫᠣᠷᠣᠷᠣ᠋ ᠄ ᠠ᠋ ᠭᠣᠶᠣ ᠪᠣᠯᠵᠠᠢ 
ᠫᠣᠷᠣᠷᠣ᠋ ᠄ ᠺᠷᠤᠨ ᠡᠭᠦᠨ ᠢ᠋ ᠬᠠᠷᠠ ᠳᠠ 
ᠫᠣᠷᠣᠷᠣ᠋ ᠄  ᠺᠷᠤᠨ ᠺᠷᠤᠨ
ᠫᠣᠷᠣᠷᠣ᠋ ᠄ ᠤᠨᠲᠠᠵᠤ ᠪᠠᠢᠭ᠎ᠠ ᠶ᠋ᠢ ᠁ 
ᠫᠣᠷᠣᠷᠣ᠋ ᠄ ᠺᠷᠤᠨ ᠲᠤᠰᠠᠯᠠᠭᠠᠷᠠᠢ !  
ᠺᠷᠤᠨ᠄ ᠺᠤᠷᠠ 
ᠫᠣᠷᠣᠷᠣ᠋ ᠄ ᠺᠤ ᠁ ᠺᠷᠤᠨ ᠲᠤᠰᠠᠯᠠᠭᠠᠷᠠᠢ᠂ ᠺᠷᠤᠨ ᠠᠮᠢ ᠠᠪᠤᠷᠠᠭᠠᠷᠠᠢ᠂ ᠲᠤᠰᠠᠯᠠᠭᠠᠷᠠᠢ ᠠ ᠠ ᠁ 
— —ᠭᠡᠲᠡᠯ᠎ᠡ ᠺᠷᠤᠨ ᠮᠠᠨᠢ ᠵᠢᠩᠬᠢᠨᠢ ᠠᠶᠤᠮᠰᠢᠭ ᠤ᠋ᠨ ᠠᠷᠢᠶᠠᠲᠠᠨ ᠭᠡᠳ ᠪᠣᠳᠣᠴᠢᠬᠠᠯ᠎ᠠ 
ᠫᠣᠷᠣᠷᠣ᠋ ᠄ ᠲᠤᠰᠠᠯᠠᠭᠠᠷᠠᠢ ᠁ 
ᠲᠣᠭᠯᠠᠵᠤ ᠪᠠᠢᠭᠰᠠᠨ ᠶᠤᠮ ᠠ᠋ ᠂ ᠺᠷᠤᠨ 
ᠬᠠ ᠬᠠ  
ᠺᠷᠤᠨ᠄ᠸᠠ ᠸᠠ ᠁ ᠸᠠ 
ᠫᠣᠷᠣᠷᠣ᠋ ᠄ ᠠ ᠁ ᠲᠣᠭᠯᠠᠵᠤ ᠪᠠᠢᠭᠰᠠᠨ ᠶᠤᠮ ᠠ᠋ ᠺᠷᠤᠨ ᠬᠠᠭᠤᠷᠲᠠᠴᠢᠬᠠᠭᠰᠠᠨ ᠤᠤ ? ᠠ᠋ ᠠ ᠁ 
— —ᠫᠤᠷᠤᠷᠤ᠋ ᠂ ᠺᠷᠤᠨ ᠢ᠋ ᠠᠶᠤᠯᠭᠠᠬᠤ ᠭᠡᠵᠦ ᠪᠠᠢᠭᠠᠳ ᠥᠪᠡᠷ ᠢ᠋ᠶ᠋ᠡᠨ ᠬᠣᠬᠢᠷᠠᠪᠠ 
ᠯᠥᠤᠫᠢ᠄ ᠶᠠᠭᠠᠬᠢᠨ᠎ᠠ᠂ ᠠᠷᠢᠶᠠᠲᠠᠨ᠂ ᠲᠤᠰᠠᠯᠠᠭᠠᠷᠠᠢ 
ᠺᠷᠤᠨ᠄ ᠺᠤᠷᠠ 
ᠡᠳ᠋ᠳᠢ᠄ ᠠ ᠬᠠ ᠠ ᠬᠠ ᠴᠣᠩᠬᠣᠨ ᠤ᠋ ᠭᠠᠳᠠᠭ᠎ᠠ ᠬᠡᠨ ᠪᠠᠢᠨ᠎ᠠ ? ᠵᠣᠭᠰᠣ ᠨᠠᠭᠠᠨ᠎ᠠ ᠪᠠᠨ 
ᠯᠥᠤᠫᠢ᠄ ᠦᠭᠡᠢ ᠵᠢᠭᠠᠬᠠᠨ ᠠᠶᠤᠮᠰᠢᠭᠲᠠᠢ ᠂ ᠳᠠᠬᠢᠭᠠᠳ ᠬᠢᠭᠡᠳ ᠦᠵᠡ ᠠ᠋
ᠡᠳ᠋ᠳᠢ᠄ ᠴᠣᠩᠬᠣᠨ ᠤ᠋ ᠭᠠᠳᠠᠭ᠎ᠠ ᠬᠡᠨ ᠪᠠᠢᠨ᠎ᠠ ? ᠵᠣᠭᠰᠣ ᠨᠠᠭᠠᠨ᠎ᠠ ᠪᠠᠨ 
ᠯᠥᠤᠫᠢ᠄ ᠲᠡᠢᠮᠦ ᠠ᠋ ᠂ ᠨᠠᠭᠠᠳᠤᠬᠢ ᠴᠢᠨᠢ ᠰᠠᠢᠨ ᠪᠣᠯᠤᠯ᠎ᠠ ᠃ ᠢᠩᠭᠢᠬᠦ ᠳ᠋ᠦ᠍ ᠰᠠᠶᠢ ᠺᠷᠤᠨ ᠲᠠᠭᠤᠷᠬᠤ ᠰᠢᠭ᠋ ᠪᠣᠯᠤᠭᠰᠠᠨ ᠳᠠ 
— —  ᠺᠷᠤᠨ ᠂ ᠫᠣᠷᠣᠷᠣ᠋ ᠳ᠋ᠤ᠌ ᠯᠥᠤᠫᠢ ᠶ᠋ᠢᠨ ᠭᠡᠷ ᠲᠦ᠍ ᠪᠣᠯᠤᠭᠰᠠᠨ ᠶᠠᠪᠤᠳᠠᠯ ᠢ᠋ ᠶᠠᠷᠢᠵᠤ ᠥᠭᠪᠡ 
ᠫᠣᠷᠣᠷᠣ᠋ ᠄ ᠯᠥᠤᠫᠢ ᠤᠤ ? 
ᠺᠷᠤᠨ᠄ ᠺᠤᠷᠠ ᠺᠤᠷᠠ ᠁ ᠸᠠ ᠸᠠ 
ᠫᠣᠷᠣᠷᠣ᠋ ᠄ ᠴᠢ ᠲᠣᠭᠯᠠᠵᠤ ᠪᠠᠢᠨ᠎ᠠ ᠤᠤ ? ᠬᠠᠭᠤᠷᠲᠠᠬᠤ ᠦᠭᠡᠢ ᠰᠢᠦ 
ᠺᠷᠤᠨ᠄ ᠸᠠ ᠸᠠ ᠁ ᠺᠤᠷᠠ 
ᠫᠣᠷᠣᠷᠣ᠋ ᠄ ᠲᠡᠭᠡᠪᠡᠯ ᠣᠴᠢᠵᠤ ᠠᠪᠤᠷᠠᠨ᠎ᠠ 
ᠺᠷᠤᠨ᠄ ᠺᠤᠷᠠ ᠺᠤᠷᠠ 
ᠫᠤᠪᠢ᠄ ᠶᠠᠭᠤ ? ᠯᠥᠤᠫᠢ ᠳ᠋ᠤ᠌ ᠠᠶᠤᠯ ᠲᠣᠬᠢᠶᠠᠯᠳᠤᠭᠰᠠᠨ ? 
ᠫᠣᠷᠣᠷᠣ᠋ ᠄ ᠠ᠋ ᠬᠡ ᠁ 
ᠫᠤᠪᠢ᠄ ᠲᠡᠭᠡᠪᠡᠯ ᠶᠠᠪᠤᠵᠤ ᠠᠪᠤᠷᠠᠵᠠᠭᠠᠶ᠎ᠠ ᠂ ᠲᠦᠷ ᠬᠦᠯᠢᠶᠡᠵᠦ ᠪᠠᠢᠭᠠᠷᠠᠢ 
ᠣᠯᠠᠨ᠄ ᠵᠠ᠂ ᠶᠠᠪᠤᠵᠠᠭᠠᠶ᠎ᠠ
          ᠶᠠᠪᠤᠵᠠᠭᠠᠶ᠎ᠠ
          ᠺᠤᠷᠠ
ᠺᠷᠤᠨ᠄ ᠺᠤᠷᠠ 
ᠠᠳ᠋ᠳᠢ᠄ ᠲᠡᠨᠳᠡ ᠨᠢᠭᠤᠭᠳᠠᠵᠤ ᠪᠠᠢᠨ᠎ᠠ ᠤᠤ ᠪᠢᠲᠡᠭᠡᠢ ᠬᠥᠳᠡᠯ᠂ ᠸᠠ ᠁ 
ᠫᠤᠪᠢ᠄ ᠨᠢᠭᠡ ᠬᠣᠶᠠᠷ ᠭᠤᠷᠪᠠ ᠪᠢᠲᠡᠭᠡᠢ ᠠᠶᠤ 
ᠯᠥᠤᠫᠢ᠄ ᠠ ᠁ ᠪᠥᠪᠢ ᠪᠠᠢᠨ᠎ᠠ ᠰᠢᠲᠠ ᠠ᠋ 
ᠫᠤᠪᠢ᠄  ᠯᠥᠤᠫᠢ ᠡᠳ᠋ᠳᠢ 
ᠡᠳ᠋ᠳᠢ᠄ ᠲᠠ ᠨᠠᠷ ᠶᠠᠭᠤ ᠬᠢᠵᠦ ᠪᠠᠢᠭ᠎ᠠ ᠶᠤᠮ ᠪᠣᠢ ? 
ᠫᠤᠪᠢ᠄  ᠯᠥᠤᠫᠢ ᠳ᠋ᠤ᠌ ᠠᠶᠤᠯ ᠲᠤᠯᠭᠠᠷᠠᠭᠰᠠᠨ ᠭᠡᠬᠦ ᠪᠡᠷ ᠨᠢ ᠠᠪᠤᠷᠠᠬᠤ ᠭᠡᠳ ᠢᠷᠡᠭᠰᠡᠨ ᠶᠦᠮ 
ᠯᠥᠤᠫᠢ᠄ ᠶᠠᠭᠤ ?  ᠬᠢ ᠬᠢ ᠁ ᠬᠢ ᠬᠢ ᠪᠢᠳᠡ ᠬᠣᠶᠠᠷ ᠬᠡᠦᠬᠡᠯᠳᠡᠢ ᠶ᠋ᠢᠨ ᠵᠦᠴᠦᠭᠡ ᠪᠡᠨ  ᠪᠡᠯᠡᠳᠴᠦ ᠪᠠᠢᠨ᠎ᠠ
ᠣᠯᠠᠨ ᠄ ᠬᠡᠦᠬᠡᠯᠳᠡᠢ ᠶ᠋ᠢᠨ ᠵᠦᠴᠦᠭᠡ ? 
ᠯᠥᠤᠫᠢ᠄ ᠠ ᠁ ᠠᠮᠢ ᠠᠪᠤᠷᠠᠭᠠᠷᠠᠢ 
ᠡᠳ᠋ᠳᠢ᠄ ᠲᠡᠨᠳᠡ ᠨᠢᠭᠤᠭᠳᠠᠵᠤ ᠪᠠᠢᠨ᠎ᠠ ᠤᠤ ? ᠠ ᠁ ᠬᠦᠯᠢᠶᠡᠵᠦ ᠪᠠᠢᠭᠠᠷᠠᠢ ᠪᠢ ᠠᠪᠤᠷᠠᠨ᠎ᠠ 
ᠺᠷᠤᠨ᠄ ᠺᠤᠷᠠ ᠁ 
ᠯᠥᠤᠫᠢ᠄ ᠪᠠᠶᠠᠷᠯᠠᠯ᠎ᠠ ᠬᠠᠭᠠᠨ ᠬᠦᠦ 
              ᠬᠢ ᠬᠢ ᠁ 
ᠣᠯᠠᠨ᠄ ᠠ ᠮᠤᠨᠳᠠᠭ ᠶᠤᠮ 
           ᠬᠢ ᠬᠢ
— —ᠠᠵᠠ ᠪᠠᠷ ᠯᠥᠤᠫᠢ ᠠᠶᠤᠯ ᠦᠭᠡᠢ ᠪᠠᠢᠵᠠᠢ ᠂ ᠲᠡᠷᠡ ᠡᠳᠦᠷ ᠨᠠᠢᠵᠠ ᠨᠤᠭᠤᠳ ᠰᠡᠭᠦᠳᠡᠷᠲᠦ ᠬᠡᠦᠬᠡᠯᠳᠡᠢ ᠶ᠋ᠢᠨ ᠵᠦᠴᠦᠭᠡ ᠶ᠋ᠢ ᠰᠣᠨᠢᠷᠬᠠᠨ ᠦᠵᠡᠪᠡ᠃

ᠲᠡᠭᠦᠰᠬᠡᠯ ᠦ᠋ᠨ ᠳᠠᠭᠤᠤ 
    ᠯᠡ ᠯᠡ᠁ ᠯᠡ᠁ ᠺᠣᠷᠠ 
    ᠯᠡ ᠯᠡ᠁ ᠯᠡ᠁ ᠺᠣᠷᠠ 
    ᠯᠡ ᠯᠡ᠁ ᠯᠡ ᠯᠡ᠁ ᠯᠡ ᠺᠣᠷᠠ 
    ᠮᠥᠰᠥᠨ ᠦ᠌ ᠴᠠᠭᠠᠨ ᠪᠠᠭᠠᠪᠠᠭᠠᠢ ᠫᠤᠪᠢ 
    ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠡᠳ᠋ᠳᠢ
    ᠰᠠᠢᠬᠠᠨ ᠰᠡᠳᠬᠢᠯᠳᠦ ᠮᠢᠨᠵᠢ ᠥᠬᠢᠨ ᠯᠥᠤᠫᠢ
    ᠳ᠋ᠢᠨᠰᠠᠪᠤᠤᠷ ᠤ᠋ᠨ ᠵᠤᠯᠵᠠᠭ᠎ᠠ ᠺᠷᠤᠨ 
    ᠰᠠᠬᠢᠯᠭ᠎ᠠ ᠦᠭᠡᠢ ᠪᠠᠨᠳᠢ ᠫᠣᠷᠣᠷᠣ᠋ 
    ᠪᠢᠳᠡ ᠪᠣᠯ ᠰᠠᠢᠨ ᠨᠠᠢᠵᠠ ᠨᠤᠭᠤᠳ 
    ᠵᠠᠷᠢᠮ ᠳ᠋ᠤ᠌ ᠪᠠᠨ ᠮᠠᠭᠤᠳᠠᠯᠴᠠᠪᠠᠴᠤ ᠶᠡᠷᠦ ᠳ᠋ᠦ᠍ ᠪᠡᠨ 
    ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ 
    ᠦᠷᠭᠦᠯᠵᠢ ᠪᠡᠶ᠎ᠡ ᠪᠡᠶ᠎ᠡ ᠪᠡᠨ ᠣᠢᠯᠠᠭᠠᠵᠤ 
    ᠪᠢᠳᠡ ᠰᠠᠢᠨ ᠨᠠᠢᠵᠠ ᠨᠤᠭᠤᠳ ᠪᠢᠯᠡ 
    ᠯᠡ ᠯᠡ ᠁  ᠯᠡ ᠺᠣᠷᠠ ᠺᠣᠷᠠ 

 ᠦᠰᠦᠭ ᠬᠠᠲᠠᠭᠰᠠᠨ ᠨᠢ᠄ ᠪᠠᠶᠠᠨᠲᠠᠨ᠎ᠠ
 ᠬᠢᠨᠠᠭᠰᠠᠨ ᠨᠢ᠄ ᠮᠥᠴᠢᠷ᠂ ᠱᠤᠳᠤᠷᠭᠤ᠂ ᠵ ᠴᠡᠴᠡᠭ