ᠬᠡᠯᠡ ᠪᠢᠴᠢᠭ - ᠪᠠᠭ᠎ᠠ ᠰᠤᠷᠭᠠᠭᠤᠯᠢ ᠨᠢᠭᠡᠳᠦᠭᠡᠷ ᠣᠨ ᠳᠣᠣᠷᠠᠳᠤ 06ᠦᠭᠡ ᠶ᠋ᠢ ᠦᠶ᠎ᠡ ᠪᠡᠷ ᠵᠠᠳᠠᠯᠬᠤХэл бичиг-бага сургуули нэгдүгээр он доорд
06ᠦᠭᠡ ᠶ᠋ᠢ ᠦᠶ᠎ᠡ ᠪᠡᠷ ᠵᠠᠳᠠᠯᠬᠤ
ᠦᠭᠡ ᠶ᠋ᠢ ᠦᠶᠡᠯᠡᠨ ᠵᠠᠳᠠᠯᠵᠤ ᠪᠣᠯᠤᠨ᠎ᠠ ᠃
ᠵᠢᠱ᠌ᠢᠶᠡᠯᠡᠪᠡᠯ ᠄
ᠨᠢᠭᠡ – ᠨᠢ᠊ ᠬᠡ ᠂
ᠰᠤᠷᠤᠯᠴᠠᠬᠤ – ᠰᠦ᠍᠊ ᠷᠤᠯ᠊ ᠴᠠ᠊ ᠊ᠬᠤ᠌ ᠭᠡᠬᠦ ᠮᠡᠲᠦ ᠃
ᠦᠭᠡ ᠶ᠋ᠢ ᠢᠩᠭᠢᠵᠦ ᠰᠠᠯᠭᠠᠬᠤ ᠶ᠋ᠢ ᠦᠶ᠎ᠡ ᠪᠡᠷ ᠵᠠᠳᠠᠯᠬᠤ ᠭᠡᠳᠡᠭ ᠃
ᠦᠭᠡ ᠶ᠋ᠢ ᠦᠶ᠎ᠡ ᠪᠡᠷ ᠵᠠᠳᠠᠯᠬᠤ ᠠᠷᠭ᠎ᠠ ᠭᠡᠪᠡᠯ ᠄
ᠨᠢᠭᠡ ᠳ᠋ᠦ᠍ ᠂ ᠴᠠᠭᠠᠨ ᠲᠣᠯᠣᠭᠠᠢ ᠶ᠋ᠢᠨ ᠭᠤᠷᠪᠠᠨ ᠬᠤᠪᠢᠷᠠᠯ ᠤ᠋ᠨ ᠳᠦᠷᠰᠦ ᠪᠡᠷ ᠵᠠᠳᠠᠯᠤᠨ᠎ᠠ ᠃
ᠵᠢᠱ᠌ᠢᠶᠡᠯᠡᠪᠡᠯ ᠄
ᠠᠪᠤᠨ᠎ᠠ – ᠠ᠊ ᠊ᠪᠣ᠊ ᠊ᠨ᠎ᠠ ᠂
ᠤᠨᠤᠨ᠎ᠠ – ᠤ᠊ ᠊ᠨᠤ᠊ ᠊ᠨ᠎ᠠ ᠂ ᠭᠡᠬᠦ ᠮᠡᠲᠦ ᠃
ᠬᠣᠶᠠᠷ ᠲᠤ᠌ ᠂ ᠳᠡᠪᠢᠰᠬᠡᠷ ᠦᠰᠦᠭ ᠢ᠋ ᠳᠡᠭᠡᠷᠡᠬᠢ ᠦᠶ᠎ᠡ ᠳ᠋ᠦ᠍ ᠨᠢ ᠳᠠᠭᠠᠭᠤᠯᠵᠤ ᠵᠠᠳᠠᠯᠤᠨ᠎ᠠ ᠃
ᠵᠢᠱ᠌ᠢᠶᠡᠯᠡᠪᠡᠯ ᠄
ᠰᠠᠯᠭᠠᠬᠤ – ᠰᠠᠯ᠊ ᠊ᠭᠠ᠊ ᠊ᠬᠤ᠌ ᠂
ᠬᠣᠶᠠᠷ – ᠬᠣ ᠶᠠᠷ ᠂
ᠰᠤᠷᠤᠭᠴᠢ – ᠰᠦ᠍᠊ ᠊ᠷᠤᠭ᠊ ᠴᠢ ᠂
ᠳᠡᠪᠢᠰᠬᠡᠷ – ᠳᠠ᠊ ᠊ᠪᠢᠰ᠊ ᠊ᠭᠡᠷ ᠭᠡᠬᠦ ᠮᠡᠲᠦ ᠃
