ᠬᠥᠪᠡᠭᠦᠨ ᠦ ᠳᠠᠭᠤᠤ - ᠸᠠᠴᠢᠷᠪᠠᠲᠤ ᠶ᠋ᠢᠨ ᠳᠠᠰᠢᠪᠠᠯᠪᠠᠷ Хөвгүүний дуу - Очирбатын Дашбалбар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠪᠡᠭᠦᠨ ᠦ ᠳᠠᠭᠤᠤ - ᠸᠠᠴᠢᠷᠪᠠᠲᠤ ᠶ᠋ᠢᠨ ᠳᠠᠰᠢᠪᠠᠯᠪᠠᠷ Хөвгүүний дуу - Очирбатын Дашбалбар

ᠬᠥᠪᠡᠭᠦᠨ ᠦ ᠳᠠᠭᠤᠤ - ᠸᠠᠴᠢᠷᠪᠠᠲᠤ ᠶ᠋ᠢᠨ ᠳᠠᠰᠢᠪᠠᠯᠪᠠᠷ Хөвгүүний дуу - Очирбатын Дашбалбар

2024-12-08

334

ᠬᠥᠪᠡᠭᠦᠨ ᠦ ᠳᠠᠭᠤᠤ


 ᠬᠠᠷᠠᠩᠭᠤᠢ ᠰᠥᠨᠢ ᠪᠡᠷ ᠣᠴᠢᠨ᠎ᠠ᠂ᠬᠠᠭᠠᠯᠭ᠎ᠠ ᠡᠭᠦᠳᠡ ᠪᠡᠨ ᠨᠡᠭᠡᠭᠡᠭᠡᠷᠡᠢ 
 ᠬᠠᠯᠠᠭᠤᠨ ᠢᠨᠠᠭ ᠤ᠋ᠨ ᠦᠨᠦᠰᠦᠯᠲᠡ ᠪᠡᠨ ᠬᠠᠷᠠᠮᠨᠠᠵᠤ ᠪᠢᠲᠡᠭᠡᠢ ᠵᠣᠪᠠᠭᠠᠭᠠᠷᠠᠢ 
 ᠠᠷᠠᠵᠠ ᠬᠠᠲᠠᠭᠤ ᠠᠷᠢᠬᠢ ᠶ᠋ᠢ ᠠᠶᠠᠭᠠᠯᠠᠵᠤ ᠨᠢᠭᠡ ᠲᠣᠭᠲᠠᠭᠠᠨ᠎ᠠ 
 ᠠᠮᠠᠷᠠᠭ ᠴᠢᠨᠦᠬᠢ ᠪᠡᠨ ᠦᠨᠦᠰᠦᠯᠲᠡ ᠳ᠋ᠦ᠍ ᠠᠷᠠᠢ ᠢᠯᠡᠭᠦᠦ ᠰᠣᠭᠲᠣᠨ᠎ᠠ  

 ᠪᠦᠷᠦᠩᠬᠦᠢ ᠦᠳᠡᠰᠢ ᠪᠡᠷ ᠣᠴᠢᠨ᠎ᠠ᠂ ᠪᠦᠰᠡ ᠪᠡᠨ ᠳᠠᠢᠯᠠᠵᠤ ᠤᠭᠲᠤᠭᠠᠷᠠᠢ 
 ᠪᠦᠯᠢᠶᠡᠨ ᠬᠠᠯᠠᠭᠤᠨ ᠪᠡᠶ᠎ᠡ ᠪᠡᠨ ᠬᠠᠷᠠᠮᠯᠠᠵᠤ ᠪᠢᠲᠡᠭᠡᠢ ᠵᠣᠪᠠᠭᠠᠭᠠᠷᠠᠢ 
 ᠬᠤᠷᠠᠵᠠ ᠬᠠᠲᠠᠭᠤ ᠠᠷᠢᠬᠢ ᠶ᠋ᠢ ᠠᠶᠠᠭᠠᠯᠠᠵᠤ ᠨᠢᠭᠡ ᠲᠣᠭᠲᠠᠭᠠᠨ᠎ᠠ 
 ᠬᠣᠩᠭᠣᠷ ᠴᠢᠨᠦᠬᠢ ᠪᠡᠨ ᠲᠡᠪᠡᠷᠢᠯᠲᠡ ᠳ᠋ᠦ᠍ ᠠᠷᠠᠢ ᠢᠯᠡᠭᠦᠦ ᠰᠣᠭᠲᠣᠨ᠎ᠠ  

 ᠦᠨᠡᠭᠡᠨ ᠬᠠᠷᠠᠩᠭᠤᠢ ᠳ᠋ᠤ᠌ ᠣᠴᠢᠨ᠎ᠠ᠂ ᠡᠭᠦᠳᠡ ᠪᠡᠨ ᠨᠡᠭᠡᠭᠡᠵᠦ ᠤᠭᠲᠤᠭᠠᠷᠠᠢ 
 ᠦᠨᠡᠨ ᠢᠨᠠᠭ ᠤ᠋ᠨ ᠰᠡᠳᠬᠢᠯ ᠢ᠋ᠶ᠋ᠡᠨ ᠠᠭᠤᠳᠠᠯᠵᠤ ᠨᠢᠭᠡ ᠵᠢᠷᠭᠠᠭᠠᠷᠠᠢ 
 ᠤᠤᠭᠤᠭᠠᠳ ᠰᠣᠭᠲᠣᠬᠤ ᠠᠷᠢᠬᠢ ᠶ᠋ᠢ ᠠᠶᠠᠭᠠᠯᠠᠵᠤ ᠨᠢᠭᠡ ᠲᠣᠭᠲᠠᠭᠠᠨ᠎ᠠ 
 ᠤᠶᠠᠬᠠᠨ ᠴᠢᠨᠦᠬᠢ ᠪᠡᠨ ᠬᠠᠢᠷᠠᠨ ᠳ᠋ᠤ᠌ ᠠᠷᠠᠢ ᠢᠯᠡᠭᠦᠦ ᠰᠣᠭᠲᠣᠨ᠎ᠠ  

 ᠲᠩᠷᠢ ᠶ᠋ᠢᠨ ᠮᠠᠭᠤᠬᠠᠢ ᠳ᠋ᠤ᠌ ᠣᠴᠢᠨ᠎ᠠ᠂ ᠬᠠᠭᠠᠯᠭ᠎ᠠ ᠪᠠᠨ ᠪᠢᠲᠡᠭᠡᠢ ᠲᠦᠭᠵᠢᠭᠡᠷᠡᠢ 
 ᠲᠡᠪᠡᠷᠢ ᠳ᠋ᠦ᠍ ᠮᠢᠨᠢ ᠨᠣᠢᠷᠰᠤᠵᠤ ᠵᠢᠷᠭᠠᠬᠤ ᠪᠠᠨ ᠪᠦᠦ ᠮᠠᠷᠲᠠᠭᠠᠷᠠᠢ 
 ᠨᠠᠢᠭᠤᠲᠠᠯ᠎ᠠ ᠪᠠᠨ ᠰᠣᠭᠲᠣᠬᠤ ᠠᠷᠢᠬᠢ ᠶ᠋ᠢ ᠠᠶᠠᠭᠠᠯᠠᠵᠤ ᠨᠢᠭᠡ ᠲᠣᠭᠲᠠᠭᠠᠨ᠎ᠠ 
 ᠨᠠᠭᠠᠯᠢᠩᠬᠠᠢ ᠴᠢᠨᠦᠬᠢ ᠪᠡᠨ ᠬᠠᠢᠷ᠎ᠠ ᠳ᠋ᠤ᠌ ᠠᠷᠠᠢ ᠢᠯᠡᠭᠦᠦ ᠰᠣᠭᠲᠣᠨ᠎ᠠ  

 ᠦᠦᠷ ᠴᠠᠢᠬᠤ ᠪᠠᠷ ᠮᠣᠷᠳᠠᠨ᠎ᠠ᠂ ᠡᠭᠦᠳᠡ ᠶ᠋ᠢ ᠪᠡᠨ ᠴᠢ ᠮᠢᠨᠢ ᠲᠦᠭᠵᠢᠭᠡᠷᠡᠢ 
 ᠦᠨᠡᠨ ᠢᠨᠠᠭ ᠴᠢᠮ᠎ᠠ ᠶ᠋ᠢ ᠪᠡᠨ ᠦᠨᠦᠰᠦᠨ ᠪᠠᠢᠵᠤ ᠮᠣᠷᠳᠠᠨ᠎ᠠ 
 ᠦᠷ᠎ᠡ ᠶ᠋ᠢᠨ ᠢ᠋ᠶ᠋ᠡᠨ ᠵᠤᠯᠠᠢ ᠶ᠋ᠢ ᠦᠨᠦᠷᠯᠡᠬᠦ ᠢᠷᠦᠭᠡᠯ ᠲᠠᠯᠪᠢᠭᠠᠳ ᠮᠣᠷᠳᠠᠨ᠎ᠠ 
 ᠦᠷᠢᠶ᠎ᠡ ᠬᠡᠭᠡᠷ ᠮᠣᠷᠢ ᠪᠠᠷ ᠢ᠋ᠶ᠋ᠠᠨ ᠡᠷᠭᠢᠵᠦ ᠢᠷᠡᠬᠦ ᠪᠡᠷ ᠮᠣᠷᠳᠠᠨ᠎ᠠ 

 ᠰᠡᠭᠦᠯ ᠳ᠋ᠡᠭᠡᠨ ᠬᠠᠷᠢᠨ ᠢᠷᠡᠬᠦ ᠳ᠋ᠦ᠍ ᠪᠡᠨ ᠰᠡᠭᠦᠳᠡᠷ ᠳᠠᠭᠠᠵᠤ ᠶᠠᠪᠤᠬᠤ ᠦᠭᠡᠢ 
 ᠰᠦᠨ ᠴᠠᠭᠠᠨ ᠡᠳᠦᠷ ᠤᠶᠠᠭᠠᠨ ᠳᠡᠭᠡᠷ᠎ᠡ ᠴᠢᠨᠢ ᠪᠠᠭᠤᠨ᠎ᠠ 
 ᠭᠡᠷ ᠦ᠋ᠨ ᠢ᠋ᠶ᠋ᠡᠨ ᠡᠭᠦᠳᠡᠨ ᠳ᠋ᠦ᠍ ᠴᠢ ᠮᠢᠨᠢ ᠢᠨᠢᠶᠡᠭᠡᠳ ᠤᠭᠲᠤᠭᠠᠷᠠᠢ 
 ᠭᠡᠵᠢᠭᠡ ᠶ᠋ᠢ ᠴᠢᠨᠢ ᠦᠨᠦᠷᠯᠡᠭᠡᠳ ᠪᠢ ᠳᠠᠷᠠᠰᠤ ᠦᠭᠡᠢ ᠰᠣᠭᠲᠣᠭᠤᠷᠠᠨ᠎ᠠ᠃