ᠢᠮᠠᠭ᠎ᠠ- ᠰᠢᠯᠦᠭ-ᠫ ᠪᠠᠳᠢᠷᠴᠢЯмаа-шүлэг-п ∙ бадарч
ᠢᠮᠠᠭ᠎ᠠ
ᠫ ᠪᠠᠳᠢᠷᠴᠢ
ᠢᠮᠠᠭ᠎ᠠ ᠲᠠᠪᠤᠨ ᠬᠣᠰᠢᠭᠤ ᠮᠠᠯ ᠤ᠋ᠨ ᠮᠢᠨᠢ ᠨᠢᠭᠡ
ᠢᠮᠠᠭ᠎ᠠ ᠲᠠᠪᠤᠨ ᠠᠮᠢᠳᠤ ᠡᠷᠳᠡᠨᠢ ᠶ᠋ᠢᠨ ᠮᠢᠨᠢ ᠨᠢᠭᠡ
ᠢᠮᠠᠭ᠎ᠠ ᠲᠠᠯ᠎ᠠ ᠬᠠᠩᠭᠠᠢ ᠭᠣᠪᠢ ᠭᠤᠷᠪᠠᠯ ᠨᠤᠲᠤᠭ ᠲᠤ᠌ ᠮᠢᠨᠢ ᠳᠦᠭᠦᠷᠡᠩ ᠪᠣᠢ
ᠢᠮᠠᠭ᠎ᠠ ᠶᠠᠩᠪᠠ ᠲᠠᠢ ᠠᠮᠢᠲᠠᠨ
ᠬᠣᠪᠣᠷ ᠶᠠᠩᠭᠢᠷ ᠤ᠋ᠨ ᠳᠠᠪᠵᠠᠷᠠᠯ
ᠬᠣᠨᠢ ᠲᠠᠢ ᠨᠡᠢᠯᠡᠭᠰᠡᠨ ᠳᠠᠶᠠᠭᠠᠷᠰᠢᠯ
ᠬᠣᠲᠠ ᠬᠣᠢᠮᠣᠷᠠᠯᠤᠭᠰᠠ ᠳᠠᠪᠠᠷᠠᠯ
ᠢᠮᠠᠭ᠎ᠠ ᠪᠣᠯ ᠶᠠᠩᠪᠠ ᠠᠮᠢᠲᠠᠨ ᠶᠤᠮ ᠠ᠋
ᠢᠰᠢᠭᠡ ᠨᠢ ᠶᠢᠷᠲᠢᠨᠴᠦ ᠵᠢᠨ ᠭᠤᠷᠪᠠᠨ ᠬᠥᠭᠡᠷᠦᠬᠦᠨ ᠦ᠌ ᠨᠢᠭᠡ
ᠵᠤᠰᠠᠭ ᠨᠢ ᠢᠵᠢᠯᠢ ᠶ᠋ᠢᠨ ᠳᠤᠮᠳᠠ ᠪᠠᠨ ᠮᠢᠰᠰ
ᠤᠬᠤᠨ᠎ᠠ ᠨᠢ ᠬᠥᠭ ᠵᠡᠭᠦᠭᠰᠡᠨ ᠪᠣᠰᠰ
ᠢᠮᠠᠭ᠎ᠠ ᠶᠠᠩᠵᠤ ᠶ᠋ᠢᠨ ᠠᠮᠢᠲᠠᠨ ᠮᠢᠨᠢ ᠠ᠋
ᠡᠷᠡᠦ ᠳ᠋ᠡᠭᠡᠨ ᠰᠠᠬᠠᠯ ᠲᠠᠢ ᠨᠢ ᠡᠷᠳᠡᠮᠲᠡᠨ ᠮᠡᠷᠭᠡᠨ ᠰᠢᠭ
ᠡᠪᠡᠷ ᠰᠡᠯᠡᠮᠡᠭᠦᠯᠬᠦ ᠨᠢ
ᠡᠷᠡᠯᠬᠡᠭ ᠪᠠᠭᠠᠲᠤᠷ ᠰᠢᠭ᠋
ᠡᠷᠢᠶᠡᠯᠡᠨ ᠮᠠᠢᠯᠠᠬᠤ ᠨᠢ
ᠡᠰᠲ᠋ᠷᠠᠳ᠋ ᠦ᠋ᠨ ᠳᠠᠭᠤᠴᠢᠨ ᠰᠢᠭ᠋
ᠢᠮᠠᠭ᠎ᠠ ᠶᠠᠭ ᠦᠭᠡᠢ ᠠᠮᠢᠲᠠᠨ
ᠠᠯᠲᠠ ᠪᠡᠷ ᠦᠨᠡᠯᠡᠭᠳᠡᠬᠦ ᠨᠣᠯᠤᠤᠷ ᠲᠠᠢ
ᠠᠮᠢᠨ ᠳ᠋ᠤ᠌ ᠨᠢ ᠬᠦᠷᠬᠦ ᠴᠠᠭᠠᠵᠠ ᠲᠠᠢ
ᠠᠷᠠᠳ ᠤ᠋ᠨ ᠶᠡᠬᠡ ᠬᠤᠷᠠᠯ ᠡᠴᠡ ᠴᠠᠯᠢᠩ ᠲᠠᠢ
ᠢᠮᠠᠭ᠎ᠠ ᠢᠮᠠᠭ᠎ᠠ ᠠᠮᠢᠲᠠᠨ
ᠢᠮᠠᠭ᠎ᠠ ᠦᠭᠡᠢ ᠪᠣᠯ ᠰᠦᠷᠦᠭ ᠮᠢᠨᠢ ᠳᠤᠲᠠᠨ᠎ᠠ
ᠢᠮᠠᠭ᠎ᠠ ᠦᠭᠡᠢ ᠪᠣᠯ ᠰᠦ ᠮᠢᠨᠢ ᠬᠣᠪᠣᠷᠳᠠᠨᠠ
ᠢᠮᠠᠭ᠎ᠠ ᠦᠭᠡᠢ ᠪᠣᠯ ᠰᠦᠮ᠎ᠡ ᠬᠣᠲᠠ ᠮᠢᠨᠢ ᠳᠤᠮᠳᠠᠷᠠᠨᠠ
ᠢᠮᠠᠭ᠎ᠠ ᠦᠭᠡᠢ ᠪᠣᠯ ᠰᠦᠷᠦᠭ ᠮᠢᠨᠢ ᠳᠤᠲᠠᠨ᠎ᠠ
ᠢᠮᠠᠭ᠎ᠠ ᠶᠠᠩᠵᠤ ᠶ᠋ᠢᠨ ᠠᠮᠢᠲᠠᠨ ᠶᠤᠮ ᠠ᠋
