ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ –3 Нэгэн ном тавцан үн өдөр үн тэмдэглэлээс –3 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ –3 Нэгэн ном тавцан үн өдөр үн тэмдэглэлээс –3

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ –3 Нэгэн ном тавцан үн өдөр үн тэмдэглэлээс –3

2024-12-06

382



       ᠨᠢᠭᠡ ᠪᠦᠯᠦᠭ ᠠᠶᠠᠨᠴᠢᠳ ᠡᠯᠡᠰᠦᠨ ᠴᠦᠯ ᠳ᠋ᠦ᠍ ᠶᠠᠪᠤᠵᠤ ᠪᠠᠢᠲᠠᠯ᠎ᠠ ᠭᠡᠨᠡᠳᠲᠡ ᠳᠡᠭᠡᠳᠦ ᠲᠩᠷᠢ ᠡᠴᠡ ᠨᠢᠭᠡ ᠬᠥᠮᠦᠨ《ᠰᠢᠷᠣᠢ ᠶ᠋ᠢ ᠠᠳᠬᠤᠵᠤ ᠰᠠᠪᠠᠯᠠᠭᠠᠷᠠᠢ᠃ ᠰᠠᠪᠠᠯᠠᠭᠰᠠᠨ ᠰᠢᠷᠣᠢ ᠴᠢᠨᠢ ᠠᠯᠲᠠ ᠪᠣᠯᠵᠤ ᠬᠤᠪᠢᠷᠠᠨ᠎ᠠ》 ᠭᠡᠵᠦ ᠬᠡᠯᠡᠭᠰᠡᠨ ᠳᠤᠭᠤᠯᠳᠠᠨ᠎ᠠ᠃ ᠮᠠᠰᠢ ᠣᠯᠠᠨ ᠬᠥᠮᠦᠨ ᠢᠲᠡᠭᠡᠭᠰᠡᠨ ᠦᠭᠡᠢ᠃ ᠭᠡᠪᠡᠴᠦ ᠬᠡᠰᠡᠭ ᠬᠥᠮᠦᠨ ᠭᠠᠢᠬᠠᠵᠤ ᠰᠢᠷᠣᠢ ᠰᠠᠪᠠᠯᠠᠵᠠᠢ᠃ ᠰᠢᠷᠣᠢ ᠰᠠᠪᠠᠯᠠᠭᠰᠠᠨ ᠦᠭᠡᠢ ᠬᠥᠮᠦᠨ ᠨᠢ ᠮᠠᠰᠢ ᠠᠮᠠᠷᠬᠠᠨ ᠡᠯᠡᠰᠦᠨ ᠴᠦᠯ ᠢ᠋ ᠲᠤᠭᠤᠯᠵᠤ᠂ ᠰᠢᠷᠣᠢ ᠰᠠᠪᠠᠯᠠᠭᠰᠠᠨ ᠨᠢ ᠮᠠᠰᠢ ᠶᠠᠳᠠᠷᠠᠵᠤ᠂ ᠣᠯᠠᠨ ᠡᠳᠦᠷ ᠦ᠋ᠨ ᠳᠠᠷᠠᠭ᠎ᠠ ᠰᠠᠶᠢ ᠲᠤᠭᠤᠯᠵᠤ ᠭᠠᠷᠤᠭᠰᠠᠨ ᠪᠠᠢᠪᠠ᠃ ᠡᠯᠡᠰᠦᠨ ᠴᠦᠯ ᠢ᠋ ᠲᠤᠭᠤᠯᠵᠤ ᠭᠠᠷᠤᠭᠰᠠᠨ ᠤ᠋ ᠳᠠᠷᠠᠭ᠎ᠠ ᠰᠠᠪᠠᠨ ᠳ᠋ᠠᠬᠢ ᠡᠯᠡᠰᠦ ᠨᠢ ᠦᠨᠡᠬᠡᠷ ᠠᠯᠲᠠ ᠪᠣᠯᠵᠤ ᠬᠤᠪᠢᠷᠠᠭᠰᠠᠨ ᠪᠠᠢᠨ᠎ᠠ᠃ 
       ᠠᠮᠢᠳᠤᠷᠠᠯ ᠶᠠᠭ ᠲᠡᠷᠡ ᠡᠯᠡᠰᠦ ᠲᠡᠢ ᠠᠳᠠᠯᠢ ᠶᠠᠪᠤᠬᠤ ᠳᠣᠳᠣᠮ ᠬᠦᠨᠳᠦ ᠪᠣᠯᠳᠠᠭ ᠶᠤᠮ ᠪᠠᠢᠨ᠎ᠠ᠃ ᠠᠮᠢᠳᠤᠷᠠᠯ ᠤ᠋ᠨ ᠴᠠᠭ ᠬᠣᠷᠣᠮ ᠪᠦᠬᠦᠨ ᠢ᠋ ᠨᠠᠨᠳᠢᠩᠨᠠᠵᠤ ᠪᠠᠢᠳᠠᠭ ᠬᠥᠮᠦᠨ ᠳ᠋ᠦ᠍ ᠠᠮᠢᠳᠤᠷᠠᠯ ᠠᠯᠲᠠ ᠪᠣᠯᠵᠤ ᠬᠤᠪᠢᠷᠠᠳᠠᠭ ᠶᠤᠮ ᠪᠠᠢᠨ᠎ᠠ᠃    

       ᠦᠰᠦᠭ ᠠᠮᠢᠯᠠᠭᠤᠯᠤᠭᠴᠢ᠄ ᠡᠩᠬᠡᠪᠠᠲᠤ 
           ᠦᠰᠦᠭ ᠬᠢᠨᠠᠭᠴᠢ᠄ ᠪᠠᠶᠠᠷᠴᠡᠴᠡᠭ     
                     2024.11.28