ᠢᠲᠡᠭᠡᠯ ᠨᠠᠢᠳᠠᠭᠰᠠᠨ ᠬᠠᠷᠠᠴᠠ -ᠠᠮᠢᠨ᠎ᠠИтгэл найдсан харц-Амина
ᠢᠲᠡᠭᠡᠯ ᠨᠠᠢᠳᠠᠭᠰᠠᠨ ᠬᠠᠷᠠᠴᠠ
ᠦᠭᠡ᠄ ᠷᠠ᠊᠂ ᠴᠢᠯᠠᠭᠤ
ᠠᠶ᠎ᠠ᠄ ᠢᠦᠢ ᠪᠤᠤ
ᠳᠠᠭᠤᠴᠢᠨ᠄ ᠠᠮᠢᠨ᠎ᠠ
ᠡᠷᠳᠡᠮ ᠦ᠋ᠨ ᠳᠣᠯᠣᠭᠠᠨ ᠡᠬᠡᠰᠢᠭ ᠢ᠋ᠶ᠋ᠡᠷ
ᠡᠩᠬᠦᠷᠡᠢ ᠦᠷᠡᠰ ᠢ᠋ᠶ᠋ᠡᠨ ᠪᠣᠢᠵᠢᠭᠤᠯᠤᠭᠰᠠᠨ
ᠡᠯᠢᠭᠡ ᠪᠦᠲᠦᠨ ᠬᠠᠢᠷ᠎ᠠ ᠪᠠᠷ ᠢ᠋ᠶ᠋ᠠᠨ
ᠡᠴᠢᠭᠡ ᠡᠬᠡ ᠰᠢᠭ ᠪᠣᠢᠵᠢᠭᠤᠯᠤᠭᠰᠠᠨ
ᠠᠢ ᠬᠦ᠌ ᠪᠠᠭᠰᠢ ᠮᠢᠨᠢ ᠬᠠᠢᠷᠠᠯᠠᠯ ᠲᠠᠢ
ᠪᠢᠳᠡᠨ ᠢ᠋ ᠢᠪᠡᠭᠡᠭᠰᠡᠨ ᠰᠢᠲᠦᠭᠡᠨ ᠪᠢᠯᠡ
ᠠᠢ ᠬᠦ᠌ ᠪᠠᠭᠰᠢ ᠮᠢᠨᠢ ᠠᠴᠢᠯᠠᠯ ᠲᠠᠢ
ᠪᠢᠳᠡᠨ ᠢ᠋ ᠭᠡᠢᠭᠦᠯᠦᠭᠰᠡᠨ ᠨᠠᠷᠠᠨ ᠪᠢᠯᠡ
ᠵᠢᠳᠬᠦᠯ ᠰᠢᠩᠭᠡᠭᠰᠡᠨ ᠴᠢᠷᠠᠢ ᠳ᠋ᠤ᠌ ᠴᠢᠨᠢ
ᠵᠥᠭᠡᠯᠡᠨ ᠮᠦᠰᠢᠶᠡᠳᠦ ᠲᠣᠳᠣᠷᠠᠭᠰᠠᠨ
ᠢᠲᠡᠭᠡᠯ ᠨᠠᠢᠳᠠᠭᠰᠠᠨ ᠨᠢᠳᠦᠨ ᠳ᠋ᠦ᠍ ᠴᠢᠨᠢ
ᠡᠬᠡᠭᠦᠨ ᠨᠢᠯᠪᠤᠰᠤ ᠲᠤᠨᠤᠷᠠᠭᠰᠠᠨ
ᠠᠢ ᠬᠦ᠌ ᠪᠠᠭᠰᠢ ᠮᠢᠨᠢ ᠬᠠᠢᠷᠠᠯᠠᠯ ᠲᠠᠢ
ᠪᠢᠳᠡᠨ ᠢ᠋ ᠢᠪᠡᠭᠡᠭᠰᠡᠨ ᠰᠢᠲᠦᠭᠡᠨ ᠪᠢᠯᠡ
ᠠᠢ ᠬᠦ᠌ ᠪᠠᠭᠰᠢ ᠮᠢᠨᠢ ᠠᠴᠢᠯᠠᠯ ᠲᠠᠢ
ᠪᠢᠳᠡᠨ ᠢ᠋ ᠭᠡᠢᠭᠦᠯᠦᠭᠰᠡᠨ ᠨᠠᠷᠠᠨ ᠪᠢᠯᠡ
ᠠᠯᠳᠠᠩᠬᠠᠨ ᠭᠡᠷᠡᠯᠲᠦ ᠴᠠᠮᠬᠠᠭ ᠰᠢᠭ᠋
ᠠᠰᠢᠳᠠ ᠶ᠋ᠢᠨ ᠰᠠᠴᠤᠷᠠᠬᠤ ᠣᠳᠣᠨ ᠰᠢᠦ
ᠠᠷᠢᠭᠤᠬᠠᠨ ᠬᠥᠯᠥᠰᠥ ᠪᠡᠨ ᠤᠷᠤᠰᠬᠠᠭᠰᠠᠨ
ᠠᠯᠳᠠᠷᠰᠢᠨ ᠳᠠᠭᠤᠷᠢᠰᠬᠤ ᠰᠣᠳᠣᠨ ᠪᠢᠯᠡ
ᠠᠢ ᠬᠦ᠌ ᠪᠠᠭᠰᠢ ᠮᠢᠨᠢ ᠬᠠᠢᠷᠠᠯᠠᠯ ᠲᠠᠢ
ᠪᠢᠳᠡᠨ ᠢ᠋ ᠢᠪᠡᠭᠡᠭᠰᠡᠨ ᠰᠢᠲᠦᠭᠡᠨ ᠪᠢᠯᠡ
ᠠᠢ ᠬᠦ᠌ ᠪᠠᠭᠰᠢ ᠮᠢᠨᠢ ᠠᠴᠢᠯᠠᠯ ᠲᠠᠢ
ᠪᠢᠳᠡᠨ ᠢ᠋ ᠭᠡᠢᠭᠦᠯᠦᠭᠰᠡᠨ ᠨᠠᠷᠠᠨ ᠪᠢᠯᠡ
ᠪᠢᠳᠡᠨ ᠢ᠋ ᠭᠡᠢᠭᠦᠯᠦᠭᠰᠡᠨ ᠨᠠᠷᠠᠨ ᠪᠢᠯᠡ
ᠦᠰᠦᠭ ᠠᠮᠢᠯᠠᠭᠤᠯᠤᠭᠴᠢ᠄ ᠰᠣᠳᠣ
ᠦᠰᠦᠭ ᠬᠠᠲᠠᠭᠴᠢ᠄ ᠰᠣᠳᠣ
ᠦᠰᠦᠭ ᠬᠢᠨᠠᠭᠴᠢ᠄ ᠣᠳᠬᠠᠨᠰᠣ᠎ᠠ
