ᠵᠦᠢᠷ ᠰᠡᠴᠡᠨ ᠦᠭᠡ ᠶ᠋ᠢᠨ ᠬᠥᠮᠦᠵᠢᠯ - ᠪᠡᠯᠡᠳᠬᠡᠯ ᠲᠥᠯᠥᠪᠯᠡᠭᠡ ᠶ᠋ᠢᠨ ᠲᠤᠬᠠᠢ -ᠬᠤᠷᠳᠤᠨᠬᠦᠤЗүйр цэцэн үгийн хүмүүжил-Хурданхүү ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠦᠢᠷ ᠰᠡᠴᠡᠨ ᠦᠭᠡ ᠶ᠋ᠢᠨ ᠬᠥᠮᠦᠵᠢᠯ - ᠪᠡᠯᠡᠳᠬᠡᠯ ᠲᠥᠯᠥᠪᠯᠡᠭᠡ ᠶ᠋ᠢᠨ ᠲᠤᠬᠠᠢ -ᠬᠤᠷᠳᠤᠨᠬᠦᠤЗүйр цэцэн үгийн хүмүүжил-Хурданхүү

ᠵᠦᠢᠷ ᠰᠡᠴᠡᠨ ᠦᠭᠡ ᠶ᠋ᠢᠨ ᠬᠥᠮᠦᠵᠢᠯ - ᠪᠡᠯᠡᠳᠬᠡᠯ ᠲᠥᠯᠥᠪᠯᠡᠭᠡ ᠶ᠋ᠢᠨ ᠲᠤᠬᠠᠢ -ᠬᠤᠷᠳᠤᠨᠬᠦᠤЗүйр цэцэн үгийн хүмүүжил-Хурданхүү

2024-12-06

6247

ᠵᠦᠢᠷ ᠰᠡᠴᠡᠨ ᠦᠭᠡ ᠶ᠋ᠢᠨ ᠬᠥᠮᠦᠵᠢᠯ - ᠪᠡᠯᠡᠳᠬᠡᠯ ᠲᠥᠯᠥᠪᠯᠡᠭᠡ ᠶ᠋ᠢᠨ ᠲᠤᠬᠠᠢ

       — ᠪᠡᠯᠡᠳᠬᠡᠯ ᠲᠥᠯᠥᠪᠯᠡᠭᠡ ᠶ᠋ᠢᠨ ᠲᠤᠬᠠᠢ 
           ᠬᠤᠷᠳᠤᠨᠬᠦᠤ 
ᠪᠡᠯᠡᠳᠬᠡᠯ ᠦᠭᠡᠢ ᠠᠵᠢᠯ ᠤ᠋ᠨ ᠪᠦᠲᠦᠬᠦ ᠨᠢ ᠤᠳᠠᠭᠠᠨ 
ᠪᠦᠷᠬᠦᠭᠡᠰᠦ ᠦᠭᠡᠢ ᠲᠣᠭᠣᠭᠠᠨ ᠤ᠋ ᠪᠤᠴᠠᠯᠬᠤ ᠨᠢ ᠤᠳᠠᠭᠠᠨ 
ᠪᠡᠭᠡᠯᠡᠢ ᠲᠡᠢ ᠪᠣᠯ ᠰᠠᠶᠢ ᠳᠤᠯᠠᠭᠠᠨ 
ᠪᠡᠯᠡᠳᠬᠡᠯ ᠲᠡᠢ ᠪᠣᠯ ᠰᠠᠶᠢ ᠲᠦᠷᠭᠡᠨ 
ᠪᠡᠯᠡᠳᠬᠡᠯ ᠰᠠᠢᠲᠠᠢ ᠪᠣᠯ ᠶᠠᠪᠤᠳᠠᠯ ᠪᠦᠲᠦᠨ᠎ᠡ 
ᠪᠢᠯᠡᠭᠦᠦ ᠰᠠᠢᠲᠠᠢ ᠪᠣᠯ ᠬᠢᠲᠤᠭ᠎ᠠ ᠬᠤᠷᠴᠠᠳᠤᠨ᠎ᠠ 
ᠪᠡᠯᠡᠳᠬᠡᠯ ᠲᠡᠢ ᠪᠣᠯ ᠪᠢᠯᠢᠳᠠᠬᠤ ᠦᠭᠡᠢ 
ᠰᠠᠨᠠᠭ᠎ᠠ ᠲᠠᠢ ᠪᠣᠯ ᠰᠠᠮᠭᠠᠷᠳᠠᠬᠤ ᠦᠭᠡᠢ 
ᠲᠦᠯᠡᠰᠢ ᠰᠠᠢᠲᠠᠢ ᠪᠣᠯ ᠲᠠᠭᠠᠷᠠᠬᠤ ᠦᠭᠡᠢ 
ᠲᠥᠯᠥᠪᠯᠡᠭᠡ ᠰᠠᠢᠲᠠᠢ ᠪᠣᠯ ᠥᠷᠢᠲᠦᠬᠦ ᠦᠭᠡᠢ 
ᠳᠠᠢᠰᠤᠨ ᠢᠷᠡᠬᠦ ᠳ᠋ᠦ᠍ 
ᠳᠠᠷᠢ ᠪᠠᠨ ᠨᠤᠬᠤᠬᠤ
ᠮᠣᠷᠳᠠᠬᠤ ᠦᠶ᠎ᠡ ᠳ᠋ᠦ᠍ ᠪᠡᠨ ᠮᠣᠷᠢ ᠪᠠᠨ ᠪᠣᠷᠳᠣᠵᠤ
ᠪᠤᠳᠠᠭ᠎ᠠ ᠪᠠᠨ ᠲᠡᠭᠡᠭᠡᠬᠦᠯᠡᠷ ᠢ᠋ᠶ᠋ᠡᠨ ᠪᠤᠬ᠎ᠠ ᠪᠠᠨ ᠰᠤᠷᠭᠠᠬᠤ
ᠨᠠᠮᠤᠷᠵᠢᠨ ᠠᠷᠢᠬᠢᠳᠠᠭᠠᠳ
ᠡᠪᠦᠯᠵᠢᠨ ᠦᠷᠴᠢᠢᠬᠦ 
ᠥᠯᠥᠰᠬᠦ ᠪᠡᠨ ᠮᠡᠳᠡᠪᠡᠯ ᠢᠳᠡᠬᠦ ᠪᠡᠨ ᠪᠡᠯᠡᠳᠭᠡ
ᠲᠠᠭᠠᠷᠠᠬᠤ ᠪᠠᠨ ᠮᠡᠳᠡᠪᠡᠯ ᠬᠤᠪᠴᠠᠰᠤ ᠪᠠᠨ ᠪᠡᠯᠡᠳᠭᠡ
ᠦᠳᠡ ᠬᠦᠷᠲᠡᠯ᠎ᠡ ᠠᠮᠢᠳᠤ ᠪᠠᠢᠪᠠᠯ
ᠦᠳᠡᠰᠢ ᠬᠦᠷᠲᠡᠯ᠎ᠡ ᠲᠦᠯᠡᠰᠢ ᠪᠡᠨ ᠪᠡᠯᠡᠳᠭᠡ
ᠤᠷᠤᠯᠳᠤᠭᠠᠨ ᠳ᠋ᠤ᠌ ᠣᠷᠣᠶ᠎ᠠ ᠭᠡᠪᠡᠯ
ᠤᠷᠢᠳ ᠠ᠋ᠴᠠ ᠮᠣᠷᠢ ᠪᠠᠨ ᠰᠣᠢᠬᠤ ᠬᠡᠷᠡᠭᠲᠡᠢ 
ᠤᠰᠤ ᠢᠷᠡᠬᠦ ᠡᠴᠡ ᠤᠷᠢᠳ ᠰᠤᠪᠠᠭ ᠢ᠋ᠶ᠋ᠠᠨ ᠮᠠᠯᠲᠠ
ᠤᠴᠢᠷ ᠭᠠᠷᠬᠤ ᠠ᠋ᠴᠠ ᠤᠷᠢᠳ ᠠᠷᠭ᠎ᠠ ᠪᠠᠨ ᠪᠡᠯᠡᠳ
ᠠᠮᠢᠳᠤᠷᠠᠯ ᠤ᠋ᠨ ᠡᠬᠢ ᠠᠵᠢᠯ ᠳ᠋ᠤ᠌
ᠠᠵᠢᠯ ᠤ᠋ᠨ ᠡᠬᠢ ᠲᠥᠰᠦᠯ ᠳ᠋ᠦ᠍
ᠠᠵᠢᠯ ᠦᠢᠯᠡᠰ ᠲᠦ᠍ ᠲᠤᠷᠰᠢᠯᠭ᠎ᠠ ᠬᠡᠷᠡᠭᠲᠡᠢ
ᠠᠵᠤ ᠠᠮᠢᠳᠤᠷᠠᠯ ᠳ᠋ᠤ᠌ ᠲᠥᠯᠥᠪᠯᠡᠭᠡ ᠬᠡᠷᠡᠭᠲᠡᠢ

   ᠢᠷᠡᠯᠲᠡ ᠄ ᠠᠷᠤ ᠬᠣᠷᠴᠢᠨ ᠬᠤᠰᠢᠭᠤᠨ ᠤ᠋ ᠬᠠᠮ ᠵᠠᠭᠤᠴᠢᠯᠠᠭᠤᠷ ᠤ᠋ᠨ ᠲᠥᠪ ᠡᠴᠡ ᠰᠡᠢᠷᠡᠭᠦᠯᠪᠡ᠃
   ᠦᠰᠦᠭ ᠠᠮᠢᠯᠠᠭᠤᠯᠤᠭᠰᠠᠨ ᠨᠢ ᠄  ᠴᠢ᠊ · ᠤᠷᠠᠨᠴᠡᠴᠡᠭ
   ᠬᠢᠨᠠᠯᠲᠠ ᠄  ᠮᠥᠴᠢᠷ᠂ ᠪᠢᠮᠪᠠ