ᠨᠢᠭᠤᠬᠤ ᠦᠭᠡᠢ ᠦᠨᠡᠨ ᠦ ᠲᠤᠬᠠᠢ ᠰᠢᠯᠦᠭ - ᠱ ᠂ ᠭᠦᠷᠦᠪᠠᠽᠠᠷ Нуухгүй үнэний тухай шүлэг – Ш᠂ Гүрбазар
ᠨᠢᠭᠤᠬᠤ ᠦᠭᠡᠢ ᠦᠨᠡᠨ ᠦ ᠲᠤᠬᠠᠢ ᠰᠢᠯᠦᠭ
ᠦᠨᠡᠨᠴᠢ ᠶ᠋ᠢᠨ ᠠᠯᠳᠠᠷ ᠢ᠋ ᠴᠢᠮ᠎ᠠ ᠠ᠋ᠴᠠ ᠪᠠᠨ ᠰᠣᠨᠣᠰᠬᠤ ᠭᠡᠵᠦ
ᠦᠨᠡᠨ ᠢ᠋ ᠨᠢᠭᠤᠭᠠᠳ ᠶᠠᠭᠠᠬᠢᠬᠤ ᠰᠠᠨ ᠪᠢᠯᠡ ᠳᠠ᠂ ᠬᠠᠨᠢ ᠮᠢᠨᠢ
ᠨᠢᠳᠦ ᠪᠦᠳᠦᠷᠢᠭᠡᠭᠰᠡᠨ ᠣᠷᠴᠢᠯᠠᠩ ᠤ᠋ᠨ ᠰᠠᠢᠬᠠᠨ ᠢ᠋
ᠵᠥᠷᠢᠭᠦᠦ ᠬᠠᠷᠠᠵᠤ ᠪᠠᠢᠭ᠎ᠠ ᠦᠭᠡᠢ᠂ ᠪᠢ
ᠨᠢᠭᠤᠷ ᠢ᠋ᠶ᠋ᠠᠨ ᠰᠡᠳᠬᠢᠯ ᠭᠡᠵᠦ ᠪᠣᠳᠣᠳᠠᠭ
ᠬᠡᠦᠬᠡᠨ ᠨᠦ᠍ᠭᠦᠳ ᠢ᠋ ᠴᠤ᠌ ᠵᠥᠭᠡᠵᠦ ᠶᠠᠪᠤᠭ᠎ᠠ ᠦᠭᠡᠢ
ᠡᠷ᠎ᠡ ᠬᠥᠮᠦᠨ ᠭᠡᠳᠡᠭ ᠡᠮᠵᠡᠭᠬᠡᠨ ᠤᠴᠠᠷᠠᠯ ᠢ᠋ ᠳᠠᠭᠠᠭᠠᠳᠠᠭ ᠠᠮᠢᠲᠠᠨ ᠪᠢᠰᠢ
ᠡᠩᠬᠦᠷᠡᠢᠬᠡᠨ ᠬᠠᠷᠠᠴᠠ ᠴᠤ᠌ ᠭᠡᠰᠡᠨ ᠰᠠᠨᠠᠭ᠎ᠠ ᠬᠤᠭᠤᠰᠬᠠᠨ ᠰᠠᠭᠠᠲᠠᠭᠤᠯᠵᠤ
ᠡᠶᠡᠯᠳᠡᠭᠬᠡᠨ ᠶᠠᠷᠢᠬᠤ ᠴᠤ᠌ ᠬᠦᠷᠲᠡᠯ᠎ᠡ ᠶᠠᠩᠵᠤ ᠶ᠋ᠢᠨ ᠯᠡ ᠪᠠᠢᠳᠠᠭ ᠶᠤᠮ ᠳᠠ
ᠪᠦᠰᠡᠭᠦᠢ ᠪᠦᠬᠦᠨ ᠲᠡᠢ ᠮᠣᠷᠢᠨ ᠤ᠋ ᠰᠠᠢᠨ᠂ ᠪᠣᠳᠣᠯ ᠤ᠋ᠨ ᠬᠣᠯᠠ ᠶ᠋ᠢ
ᠶᠠᠷᠢᠵᠤ ᠶᠠᠪᠤᠭᠰᠠᠨ ᠭᠡᠵᠦ ᠬᠡᠯᠡᠬᠦ ᠦᠭᠡᠢ
ᠪᠦᠷ ᠨᠠᠭᠠᠨᠠᠳᠠᠵᠤ ᠬᠡᠷᠡᠭ ᠦᠭᠡᠢᠬᠡᠨ ᠶᠠᠷᠢᠶ᠎ᠠ ᠢᠨᠢᠶᠡᠳᠦ ᠬᠣᠶᠠᠷ ᠢ᠋ᠶ᠋ᠠᠷ
ᠵᠤᠭᠠᠴᠠᠭᠰᠠᠨ ᠢ᠋ᠶ᠋ᠠᠨ ᠨᠢᠭᠤᠬᠤ ᠦᠭᠡᠢ
ᠠᠢᠯ ᠰᠤᠷᠠᠭᠰᠠᠨ ᠬᠡᠦᠬᠡᠨ ᠡᠷᠭᠢᠵᠦ ᠬᠠᠷᠠᠭᠰᠠᠭᠠᠷ ᠬᠠᠷᠠᠭᠰᠠᠭᠠᠷ ᠪᠤᠴᠠᠬᠤ ᠳ᠋ᠤ᠌
ᠠᠶᠠᠰ ᠤ᠋ᠨ ᠬᠡᠨᠡᠭᠡᠨ ᠱᠣᠬᠣᠭᠣᠷᠬᠠᠯ ᠢ᠋ᠶ᠋ᠠᠷ ᠪᠣᠱᠣᠭᠠᠨ ᠴᠠᠭᠠᠨ᠎ᠠ ᠪᠠᠨ ᠬᠤᠯᠮᠠᠯᠵᠠᠵᠤ
ᠭᠤᠶᠤᠵᠤ ᠤᠴᠠᠷᠠᠭ᠎ᠠ ᠦᠭᠡᠢ ᠲᠥᠷᠬᠦ ᠠᠭᠠᠰᠢ ᠰᠢᠭ᠋ ᠣᠯᠠᠨ ᠤᠴᠠᠷᠠᠯ ᠭᠡᠳᠡᠭ
ᠲᠤᠭᠤᠯᠬᠤ ᠥᠩᠭᠡᠷᠡᠬᠦ ᠨᠠᠰᠤᠨ ᠳ᠋ᠤ᠌ ᠠᠯᠢ ᠶ᠋ᠢ ᠴᠤ᠌ ᠲᠡᠷᠡ ᠭᠡᠬᠦ ᠪᠣᠢ ᠳᠠ᠂ ᠬᠠᠨᠢ ᠮᠢᠨᠢ
ᠥᠩᠭᠡ᠂ ᠢᠨᠢᠶᠡᠳᠦ ᠬᠣᠶᠠᠷ ᠲᠤ ᠪᠤᠨᠲᠠᠩ ᠤ᠋ᠨ ᠬᠠᠲᠤᠨ ᠰᠢᠭ᠋ ᠬᠠᠭᠤᠷᠲᠠᠵᠤ
ᠡᠪᠦᠭᠡᠨ ᠴᠢᠨᠢ ᠴᠢᠮ᠎ᠠ ᠳ᠋ᠠᠭᠠᠨ ᠰᠡᠳᠬᠢᠯ ᠦ᠋ᠨ ᠵᠢᠮ᠎ᠡ ᠲᠡᠢ ᠶᠠᠪᠤᠭᠰᠠᠨ ᠴᠤ᠌
ᠬᠠᠢᠷ᠎ᠠ᠂ ᠦᠨᠡᠨ ᠬᠣᠶᠠᠷ ᠢ᠋ ᠴᠢᠨᠢ ᠴᠢᠮ᠎ᠠ ᠠ᠋ᠴᠠ ᠪᠢᠰᠢ᠂
ᠪᠤᠰᠤᠳ ᠠ᠋ᠴᠠ ᠯᠠ ᠤᠬᠠᠭᠠᠷᠠᠭᠰᠠᠨ ᠳ᠋ᠠᠭᠠᠨ
ᠬᠠᠵᠠᠭᠤ ᠳ᠋ᠤ᠌ ᠴᠢᠨᠢ ᠯᠡ ᠪᠢ ᠬᠠᠷᠢᠨ ᠡᠢᠮᠦ ᠤᠳᠠᠭᠠᠨ ᠶᠠᠪᠤᠭ᠎ᠠ ᠴᠤ᠌ ᠪᠢᠯᠡ ᠤᠤ ᠳᠠ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ