1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ –2 Нэгэн ном тавцан үн өдөр үн тэмдэглэлээс –2

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ –2 Нэгэн ном тавцан үн өдөр үн тэмдэглэлээс –2

2024-12-05

181



       ᠨᠠᠮ᠎ᠠ ᠶ᠋ᠢ ᠰᠤᠷᠭᠠᠭᠤᠯᠢ ᠳ᠋ᠤ᠌ ᠪᠠᠢᠬᠤ ᠳ᠋ᠤ᠌ ᠮᠠᠨ ᠤ᠋ ᠨᠢᠭᠡ ᠪᠠᠭᠰᠢ ᠭᠧᠷᠮᠠᠨ ᠳ᠋ᠤ᠌ ᠣᠴᠢᠵᠤ ᠳ᠋ᠣ᠌ᠻᠲ᠋ᠣ᠌ᠷ ᠴᠣᠯᠠ ᠬᠠᠮᠠᠭᠠᠯᠠᠬᠤ ᠳ᠋ᠤ᠌ ᠠᠷᠪᠠᠨ ᠵᠢᠯ ᠬᠦᠯᠢᠶᠡᠨ᠎ᠡ ᠭᠡᠵᠦ ᠬᠡᠯᠡᠭᠰᠡᠨ᠂ ᠮᠠᠨ ᠤ᠋ ᠨᠢᠭᠡ ᠬᠠᠮᠲᠤ ᠰᠤᠷᠤᠭᠴᠢ ᠮᠠᠰᠢ ᠭᠠᠢᠬᠠᠵᠤ ᠠᠷᠪᠠᠨ ᠵᠢᠯ ᠬᠦᠯᠢᠶᠡᠨ᠎ᠡ ᠤᠤ? ᠲᠡᠭᠡᠪᠡᠯ ᠪᠢ 30 ᠬᠦᠷᠴᠢᠬᠡᠨ᠎ᠡ᠃  
       ᠮᠠᠨ ᠤ᠋ ᠪᠠᠭᠰᠢ ᠬᠠᠷᠢᠭᠤ ᠳ᠋ᠤ᠌ ᠨᠢ ᠢᠩᠭᠢᠵᠦ ᠬᠡᠯᠡᠵᠡᠢ᠃ ᠴᠢ ᠲᠡᠨᠳᠡ ᠣᠴᠢᠵᠤ ᠳ᠋ᠣ᠌ᠻᠲ᠋ᠣ᠌ᠷ ᠴᠣᠯᠠ ᠬᠠᠮᠠᠭᠠᠯᠠᠬᠤ ᠦᠭᠡᠢ ᠴᠤ᠌ ᠭᠡᠰᠡᠨ 30  ᠬᠦᠷᠦᠨ᠎ᠡ᠃ ᠲᠡᠢᠮᠦ ᠤᠴᠢᠷ ᠠ᠋ᠴᠠ ᠠᠮᠢᠳᠤᠷᠠᠯ ᠬᠦᠯᠢᠶᠡᠯᠲᠡ ᠪᠢᠰᠢ᠃ ᠬᠠᠷᠢᠨ ᠠᠮᠢᠳᠤᠷᠠᠯ ᠤ᠋ᠨ ᠲᠥᠯᠥᠭᠡ ᠲᠡᠮᠡᠴᠡᠬᠦ ᠮᠥᠨ᠂ ᠮᠠᠰᠢ ᠣᠯᠠᠨ ᠬᠥᠮᠦᠨ ᠠᠮᠢᠳᠤᠷᠠᠯ ᠤ᠋ᠨ ᠦᠷ᠎ᠡ ᠳ᠋ᠦᠩ ᠢ᠋ ᠬᠦᠯᠢᠶᠡᠵᠦ ᠪᠠᠢᠳᠠᠭ᠃ ᠠᠯᠢ ᠨᠢᠭᠡ ᠡᠳᠦᠷ ᠴᠤ᠌ ᠭᠡᠰᠡᠨ ᠬᠦᠯᠢᠶᠡᠯᠲᠡ ᠶ᠋ᠢᠨ ᠳᠤᠮᠳᠠ ᠠᠮᠢ ᠨᠠᠰᠤ ᠪᠠᠨ ᠲᠠᠯᠠᠭᠠᠷ ᠥᠩᠭᠡᠷᠡᠭᠡᠳᠡᠭ᠃ ᠬᠠᠷᠢᠨ ᠪᠢᠳᠡ ᠨᠢᠭᠡ ᠨᠠᠰᠤᠨ ᠳ᠋ᠤ᠌ ᠠᠯᠢ ᠪᠦᠬᠦᠨ ᠢ᠋ ᠰᠢᠮᠳᠠᠨ ᠬᠢᠵᠦ ᠦᠷ᠎ᠡ ᠳ᠋ᠦᠩ ᠨᠢ ᠥᠪᠡᠷ ᠢ᠋ᠶ᠋ᠡᠨ ᠢᠷᠡᠨ᠎ᠡ ᠭᠡᠳᠡᠭ ᠢ᠋ ᠮᠡᠳᠡᠬᠦ ᠦᠭᠡᠢ᠃  

    ᠦᠰᠦᠭ ᠠᠮᠢᠯᠠᠭᠤᠯᠤᠭᠴᠢ᠄ ᠡᠩᠬᠡᠪᠠᠲᠤ 
      ᠦᠰᠦᠭ ᠬᠢᠨᠠᠭᠴᠢ᠄ ᠪᠠᠶᠠᠷᠴᠡᠴᠡᠭ             
            2024.11.30