ᠬᠠᠷ᠎ᠠ ᠪᠠᠯᠴᠢᠷᠭᠠᠨ᠎ᠠХар балчиргана ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷ᠎ᠠ ᠪᠠᠯᠴᠢᠷᠭᠠᠨ᠎ᠠХар балчиргана

ᠬᠠᠷ᠎ᠠ ᠪᠠᠯᠴᠢᠷᠭᠠᠨ᠎ᠠХар балчиргана

2024-12-05

393

ᠬᠠᠷ᠎ᠠ ᠪᠠᠯᠴᠢᠷᠭᠠᠨ᠎ᠠ

   ᠲᠤᠰ ᠡᠮ ᠪᠣᠯ ᠰᠢᠬᠦᠷ ᠬᠡᠯᠪᠡᠷᠢᠲᠦ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠬᠠᠷ᠎ᠠ ᠪᠠᠯᠴᠢᠷᠭᠠᠨ᠎ᠠ᠂ ᠪᠦᠷᠦᠨᠠᠭ ᠡᠪᠡᠰᠦ ᠶ᠋ᠢᠨ ᠬᠠᠲᠠᠭᠠᠭᠰᠠᠨ ᠦᠨᠳᠦᠰᠦ ᠪᠠ ᠦᠨᠳᠦᠰᠦᠯᠢᠭ ᠡᠰᠢ ᠮᠥᠨ᠃ ᠪᠠᠰᠠ ᠪᠦᠷᠦᠨᠠᠭ᠂ ᠬᠠᠷ᠎ᠠ ᠪᠦᠷᠦᠮ᠎ᠠ ᠭᠡᠳᠡᠭ᠃
   [ ᠤᠤᠯ ᠤᠷᠭᠤᠮᠠᠯ] 1 ᠬᠠᠷ᠎ᠠ ᠪᠠᠯᠴᠢᠷᠭᠠᠨ᠎ᠠ ᠣᠯᠠᠨ ᠨᠠᠰᠤᠲᠤ ᠡᠪᠡᠰᠦᠯᠢᠭ ᠤᠷᠭᠤᠮᠠᠯ᠃ ᠡᠰᠢ ᠨᠢ ᠰᠢᠯᠤᠭᠤᠨ᠂ ᠭᠣᠣᠯ ᠨᠢ ᠬᠥᠨᠳᠡᠢ ᠲᠡᠢ᠂ ᠭᠠᠳᠠᠷ ᠨᠢ ᠭᠤᠯᠳᠤ ᠰᠢᠯᠤᠭᠤᠨ ᠠᠷᠲᠠᠢ᠃ ᠨᠠᠪᠴᠢ ᠨᠢ ᠴᠤᠪᠤᠷᠠᠨ ᠤᠷᠭᠤᠨ᠎ᠠ᠂ ᠤᠵᠠᠭᠤᠷ ᠤ᠋ᠨ ᠨᠠᠪᠴᠢ ᠨᠢ ᠭᠤᠷᠪᠠᠯᠵᠢᠨ ᠬᠡᠯᠪᠡᠷᠢ ᠲᠡᠢ᠂ 8—13cm ᠤᠷᠲᠤ᠃ ᠬᠠᠮᠤᠭ ᠡᠴᠦᠰ ᠦ᠋ᠨ ᠰᠡᠵᠢᠭᠦᠷ ᠢᠯᠲᠠᠰᠤ ᠨᠢ3—4 ᠬᠣᠣᠰ᠂ ᠥᠨᠳᠡᠭᠡᠯᠵᠢᠨ ᠬᠡᠯᠪᠡᠷᠢ ᠲᠡᠢ᠂ ᠳᠡᠭᠡᠷ᠎ᠡ ᠬᠡᠰᠡᠭ ᠦ᠋ᠨ ᠨᠠᠪᠴᠢᠨ ᠰᠤᠳᠠᠯ ᠳᠡᠭᠡᠷ᠎ᠡ ᠨᠢ ᠬᠥᠬᠥᠨᠴᠢᠷ ᠭᠦᠳᠦᠭᠦᠷ ᠲᠡᠢ᠂ ᠵᠢᠭᠳᠡ ᠪᠤᠰᠤ ᠥᠳᠥᠯᠢᠭ ᠭᠦᠨ ᠣᠨᠢ ᠪᠦᠬᠦᠢ ᠬᠥᠪᠡᠭᠡ ᠲᠡᠢ᠂ ᠱᠤᠪᠲᠤᠭᠠᠷ ᠦᠵᠦᠭᠦᠷ ᠲᠡᠢ᠂ ᠨᠠᠪᠴᠢᠨ ᠪᠠᠷᠢᠭᠤᠯ ᠨᠢ9—20cm ᠤᠷᠲᠤ᠂ ᠡᠰᠢᠨ ᠦ᠌ ᠳᠡᠭᠡᠳᠦ ᠬᠡᠰᠡᠭ ᠦ᠋ᠨ ᠨᠠᠪᠴᠢ ᠨᠢ ᠥᠷᠭᠡᠵᠢᠭᠰᠡᠨ ᠨᠠᠪᠴᠢᠨ ᠤ᠋ ᠲᠣᠭᠳᠣᠢ ᠲᠠᠢ᠃ ᠨᠡᠢᠯᠡᠮᠡᠯ ᠰᠢᠭᠦᠷ ᠬᠡᠯᠪᠡᠷᠢᠲᠦ ᠪᠠᠭ ᠴᠡᠴᠡᠭ ᠨᠢ ᠡᠰᠢᠨ ᠦ᠌ ᠣᠷᠣᠢ ᠪᠤᠶᠤ ᠨᠠᠪᠴᠢᠨ ᠤ᠋ ᠰᠤᠭᠤ ᠳ᠋ᠤ᠌ ᠤᠷᠭᠤᠨ᠎ᠠ᠃ ᠶᠡᠷᠦᠩᠬᠡᠢ ᠪᠠᠭᠯᠠᠭᠴᠢ ᠢᠯᠲᠠᠰᠤ ᠨᠢ ᠥᠳᠥᠯᠢᠭ ᠨᠠᠷᠢᠨ ᠣᠨᠢ ᠲᠠᠢ᠂ ᠪᠠᠷᠢᠭᠤᠯ ᠠ᠋ᠴᠠ ᠨᠢ ᠪᠣᠭᠣᠨᠢ᠂ ᠪᠠᠷᠢᠭᠤᠯ ᠨᠢ6—20 ᠪᠤᠶᠤ ᠨᠡᠩ ᠣᠯᠠᠨ ᠪᠠᠢᠳᠠᠭ᠃ ᠵᠢᠵᠢᠭ ᠰᠢᠭᠦᠷ ᠬᠡᠯᠪᠡᠷᠢᠲᠦ ᠴᠡᠴᠡᠭ ᠨᠢ ᠣᠯᠠᠨ ᠮᠥᠷᠲᠡᠭᠡᠨ ᠮᠠᠰᠢ ᠨᠠᠷᠢᠬᠠᠨ᠃ ᠵᠢᠵᠢᠭ ᠶᠡᠷᠦᠩᠬᠡᠢ ᠪᠠᠭᠯᠠᠭᠴᠢ ᠨᠢ ᠪᠦᠰᠡᠯᠢᠭ ᠪᠤᠶᠤ ᠨᠠᠷᠢᠨ ᠬᠠᠪᠲᠠᠭᠠᠢ ᠲᠡᠪᠡᠨᠡ ᠬᠡᠯᠪᠡᠷᠢ ᠲᠡᠢ᠃ ᠴᠡᠴᠡᠭ ᠦ᠋ᠨ ᠬᠡᠯᠲᠡᠰ ᠨᠢ5᠂ ᠴᠠᠭᠠᠨ ᠥᠩᠭᠡ ᠲᠡᠢ᠂ ᠵᠤᠤᠪᠠᠩ ᠠ᠋ᠴᠠ ᠲᠣᠩᠭᠣᠷᠤᠤ ᠥᠨᠳᠡᠭᠡᠯᠵᠢᠨ ᠬᠡᠯᠪᠡᠷᠢ ᠲᠡᠢ᠃ ᠡᠷ᠎ᠡ ᠲᠣᠭᠣᠷᠴᠣᠭ ᠨᠢ 5᠂ ᠴᠡᠴᠡᠭ ᠦ᠋ᠨ ᠪᠠᠭᠠᠨ᠎ᠠ ᠨᠢ ᠨᠠᠷᠢᠨ ᠵᠥᠭᠡᠯᠡᠨ᠂ ᠮᠥᠷᠥᠢ᠂ ᠲᠣᠭᠣᠰᠣᠪᠴᠢ ᠨᠢ ᠵᠤᠤᠪᠠᠩ ᠬᠡᠯᠪᠡᠷᠢ ᠲᠡᠢ᠂ 2 ᠲᠠᠰᠤᠭ ᠲᠠᠢ᠂ ᠴᠡᠴᠡᠭ ᠦ᠋ᠨ ᠪᠠᠭᠠᠨ᠎ᠠ ᠨᠢ ᠨᠠᠷᠢᠨ ᠵᠥᠭᠡᠯᠡᠨ ᠮᠥᠷᠲᠡᠭᠡᠨ ᠮᠠᠲᠠᠷᠢᠨ᠎ᠠ᠃ ᠤᠮᠠᠢ ᠨᠢ ᠥᠨᠳᠡᠭᠡᠯᠵᠢᠨ ᠬᠡᠯᠪᠡᠷᠢ ᠲᠡᠢ ᠳᠣᠣᠷᠠᠲᠤ ᠣᠷᠣᠨ ᠲᠠᠢ᠂ 2 ᠲᠠᠰᠤᠭ ᠲᠠᠢ᠂ ᠬᠣᠣᠰ ᠳᠡᠭᠦᠵᠢᠩ ᠵᠢᠮᠢᠰ ᠨᠢ ᠥᠷᠭᠡᠨ ᠥᠨᠳᠡᠭᠡᠯᠵᠢᠨ ᠬᠡᠯᠪᠡᠷᠢ ᠲᠡᠢ᠂ ᠦᠰᠦ ᠦᠭᠡᠢ᠂ ᠰᠠᠯᠦᠩᠬᠡᠢ ᠵᠢᠮᠢᠰ ᠨᠢ ᠲᠠᠪᠤᠨ ᠢᠷᠮᠡᠭ ᠲᠡᠢ᠃ 7—8 ᠳ᠋ᠤᠭᠠᠷ ᠰᠠᠷ᠎ᠠ ᠳ᠋ᠤ᠌ ᠴᠡᠴᠡᠭᠯᠡᠵᠦ᠂ 9—10 ᠰᠠᠷ᠎ᠠ ᠳ᠋ᠤ᠌ ᠵᠢᠮᠢᠰᠯᠡᠨ᠎ᠡ᠃
   2 ᠪᠦᠷᠦᠨᠠᠭ ᠬᠠᠷ᠎ᠠ ᠪᠠᠯᠴᠢᠷᠭᠠᠨ᠎ᠠ ᠲᠠᠢ ᠲᠥᠰᠦᠭᠡᠲᠡᠢ᠂ ᠭᠣᠣᠯ ᠢᠯᠭᠠᠯ ᠭᠡᠪᠡᠯ ᠬᠠᠷ᠎ᠠ ᠪᠠᠯᠴᠢᠷᠭᠠᠨ᠎ᠠ ᠠ᠋ᠴᠠ ᠵᠢᠵᠢᠭ᠂ ᠥᠨᠳᠥᠷ ᠨᠢ80cm ᠠ᠋ᠴᠠ ᠬᠡᠲᠦᠷᠡᠬᠦ ᠦᠭᠡᠢ᠂ ᠡᠰᠢ ᠨᠢ ᠪᠣᠷᠣᠪᠲᠤᠷ᠂ ᠡᠰᠢᠨ ᠦ᠌ ᠳᠣᠣᠷ᠎ᠠ ᠪᠠ ᠳᠤᠮᠳᠠ ᠬᠡᠰᠡᠭ ᠦ᠋ᠨ ᠨᠠᠪᠴᠢ ᠨᠢ ᠬᠣᠶᠠᠷ ᠠ᠋ᠴᠠ ᠭᠤᠷᠪᠠᠳᠠᠭᠰᠠᠨ ᠥᠳᠥᠯᠢᠭ ᠭᠦᠢᠴᠡᠳ ᠣᠨᠢ ᠲᠠᠢ᠂ ᠨᠢᠭᠡᠳᠦᠭᠰᠡᠨ ᠰᠡᠵᠢᠭᠦᠷ ᠢᠯᠲᠠᠰᠤ ᠨᠢ4—6 ᠬᠣᠣᠰ ᠱᠠᠭᠠᠨᠲᠠᠭ ᠤᠭ ᠲᠠᠢ᠂ ᠨᠠᠪᠴᠢᠨ ᠥᠪᠥᠷ ᠦ᠋ᠨ ᠭᠣᠣᠯ ᠰᠤᠳᠠᠯ ᠢ᠋ ᠨᠢ ᠳᠠᠭᠠᠭᠠᠳ ᠰᠢᠷᠦᠭᠦᠨ ᠦᠰᠦ ᠲᠡᠢ᠃ ᠶᠡᠷᠦᠩᠬᠡᠢ ᠪᠠᠭᠯᠠᠭᠴᠢ ᠨᠢ2᠂ ᠡᠷᠲᠡ ᠵᠤᠯᠭᠠᠷᠠᠨ᠎ᠠ᠂ ᠴᠡᠴᠡᠭ ᠦ᠋ᠨ ᠪᠠᠭᠠᠨ᠎ᠠ ᠶ᠋ᠢᠨ ᠤᠭ ᠨᠢ ᠭᠦᠳᠦᠢᠵᠦ ᠬᠠᠪᠲᠠᠭᠠᠢ ᠲᠣᠭᠣᠷᠢᠭ ᠱᠣᠷᠣᠯᠵᠢᠨ ᠬᠡᠯᠪᠡᠷᠢ ᠲᠡᠢ᠃ ᠬᠣᠣᠰ ᠳᠡᠭᠦᠵᠢᠩ ᠵᠢᠮᠢᠰ ᠨᠢ ᠵᠤᠤᠪᠠᠩ ᠬᠡᠯᠪᠡᠷᠢ ᠲᠡᠢ᠃7—9 ᠳ᠋ᠦ᠍ᠭᠡᠷ ᠰᠠᠷ᠎ᠠ ᠴᠡᠴᠡᠭᠯᠡᠵᠦ᠂ 9—10 ᠳ᠋ᠤᠭᠠᠷ ᠰᠠᠷ᠎ᠠ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠬᠠᠷ᠎ᠠ ᠪᠠᠯᠴᠢᠷᠭᠠᠨ᠎ᠠ ᠪᠣᠯ ᠨᠠᠷᠠᠨ ᠡᠭᠡᠪᠦᠷ ᠦ᠋ᠨ ᠡᠪᠡᠰᠦᠨ ᠳᠤᠮᠳᠠ᠂ ᠭᠣᠣᠯ ᠤ᠋ᠨ ᠳᠠᠩ ᠤ᠋ᠨ ᠬᠥᠪᠡᠭᠡ ᠪᠡᠷ ᠤᠷᠭᠤᠨ᠎ᠠ᠃ ᠾᠧᠨᠠᠨ᠂ ᠵᠢᠶᠠᠩᠰᠢ᠂ ᠬᠤᠪᠧᠢ᠂ ᠬᠤᠨᠠᠨ᠂ ᠭᠤᠸᠠᠩᠰᠢ᠂ ᠱᠠᠨᠰᠢ᠂ ᠭᠠᠨᠰᠦ᠂ ᠰᠧᠴᠤᠸᠠᠨ ᠳ᠋ᠤ᠌ ᠲᠠᠷᠬᠠᠴᠠ ᠲᠠᠢ᠂ ᠪᠦᠷᠦᠨᠠᠭ ᠡᠪᠡᠰᠦ ᠪᠣᠯ ᠠᠭᠤᠯᠠᠨ ᠣᠢ ᠶ᠋ᠢᠨ ᠬᠥᠪᠡᠭᠡ᠂ ᠰᠡᠭᠦᠳᠡᠷᠯᠢᠭ ᠴᠢᠭᠢᠭᠯᠢᠭ ᠠᠭᠤᠯᠠᠨ ᠬᠠᠵᠠᠭᠤ ᠪᠠ ᠣᠢ ᠶ᠋ᠢᠨ ᠳᠣᠲᠣᠷ᠎ᠠ ᠤᠷᠭᠤᠨ᠎ᠠ᠃ ᠯᠢᠶᠣᠤᠨᠢᠩ᠂ ᠬᠢᠷᠢᠨ᠂ ᠥᠪᠥᠷ ᠮᠣᠩᠭᠣᠯ᠂ ᠾᠧᠪᠧᠢ᠂ ᠱᠠᠨ ᠰᠢ᠂ ᠱᠠᠨᠳᠦ᠋ᠩ ᠳ᠋ᠦ᠍ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠬᠠᠪᠤᠷ ᠨᠠᠮᠤᠷ ᠮᠠᠯᠲᠠᠨ ᠠᠪᠴᠤ᠂ ᠡᠰᠢ ᠨᠠᠪᠴᠢ ᠶ᠋ᠢ ᠨᠢ ᠠᠷᠢᠯᠭᠠᠭᠠᠳ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠤᠱᠤᠭᠤᠨ ᠠᠮᠲᠠ ᠲᠠᠢ᠃ ᠪᠦᠯᠢᠶᠡᠨ ᠴᠢᠨᠠᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠨᠢᠶᠠᠨ ᠬᠣᠷᠣᠬᠠᠢ ᠶ᠋ᠢ ᠨᠢᠲᠤᠯᠬᠤ᠂ ᠡᠪᠡᠳᠬᠦ ᠶ᠋ᠢ ᠵᠣᠭᠰᠣᠭᠠᠬᠤ᠂ ᠬᠢᠵᠢᠭ ᠢ᠋ ᠠᠷᠢᠯᠭᠠᠬᠤ᠂ ᠬᠠᠪᠤᠳᠠᠷ ᠢ᠋ ᠬᠠᠷᠢᠭᠤᠯᠬᠤ᠂ ᠰᠢᠷ᠎ᠠ ᠤᠰᠤ ᠶ᠋ᠢ ᠠᠷᠢᠯᠭᠠᠬᠤ ᠴᠢᠳᠠᠯ ᠲᠠᠢ᠃ ᠭᠣᠣᠯᠳᠠᠭᠤ ᠨᠢᠶᠠᠨ ᠬᠠᠯᠠᠭᠤᠨ᠂ ᠬᠢᠵᠢᠭ᠂ ᠤᠶᠠᠮᠠᠨ᠂ ᠴᠢᠭᠢᠬ᠎ᠠ᠂ ᠤᠯᠠᠭᠠᠨ ᠣᠳ᠂ ᠡᠰᠡᠷᠭᠡᠨ᠎ᠡ᠂ ᠰᠠᠬᠤᠤ᠂ ᠪᠣᠭᠣᠮ᠎ᠠ᠂ ᠣᠬᠣᠷ ᠬᠠᠳᠬᠤᠯᠭ᠎ᠠ᠂ ᠦᠬᠡᠷ ᠢᠯᠢᠳᠦ᠂ ᠠᠯᠠᠭ ᠮᠠᠷᠢᠶ᠎ᠠ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄ 1 藁本 2 辽藁本
   ᠠᠩᠭ᠌ᠯᠢ ᠨᠡᠷ᠎ᠡ᠄ 1 Ligusticum sinense Oliv. 2 Conioselinum smithii (H. Wolff) Pimenov & Kljuykov

   ᠦᠰᠦᠭ ᠠᠮᠢᠯᠠᠭᠤᠯᠤᠭᠴᠢ᠄ ᠲᠤᠶᠠᠭ᠎ᠠ
   ᠬᠢᠨᠠᠭᠴᠢ᠄ ᠲᠤᠶᠠᠭ᠎ᠠ