ᠠᠷᠠᠳ ᠤᠨ ᠳᠠᠭᠤᠤ ᠶᠢᠨ ᠬᠠᠨᠳᠠᠷᠮ᠎ᠠ - ᠱ ᠂ ᠭᠦᠷᠦᠪᠠᠽᠠᠷ Ардын дуугийн хантрма – Ш᠂ Гүрбазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠠᠳ ᠤᠨ ᠳᠠᠭᠤᠤ ᠶᠢᠨ ᠬᠠᠨᠳᠠᠷᠮ᠎ᠠ - ᠱ ᠂ ᠭᠦᠷᠦᠪᠠᠽᠠᠷ Ардын дуугийн хантрма – Ш᠂ Гүрбазар

ᠠᠷᠠᠳ ᠤᠨ ᠳᠠᠭᠤᠤ ᠶᠢᠨ ᠬᠠᠨᠳᠠᠷᠮ᠎ᠠ - ᠱ ᠂ ᠭᠦᠷᠦᠪᠠᠽᠠᠷ Ардын дуугийн хантрма – Ш᠂ Гүрбазар

2024-12-04

735

ᠠᠷᠠᠳ ᠤᠨ ᠳᠠᠭᠤᠤ ᠶᠢᠨ ᠬᠠᠨᠳᠠᠷᠮ᠎ᠠ


            ᠱ᠂ ᠭᠦᠷᠦᠪᠠᠽᠠᠷ 

 ᠲᠠᠯ᠎ᠠ ᠶ᠋ᠢᠨ ᠢ᠋ᠶ᠋ᠡᠨ ᠨᠠᠢᠷ ᠠ᠋ᠴᠠ ᠰᠣᠨᠣᠰᠤᠭᠰᠠᠨ 
 ᠲᠠᠨᠢᠳᠠᠭ ᠬᠥᠮᠦᠨ ᠰᠢᠭ ᠬᠠᠨᠲᠠᠷᠮ᠎ᠠ 
 ᠳᠡᠮᠵᠢᠳ ᠭᠤᠸᠠᠢ ᠶ᠋ᠢᠨ ᠶᠡᠬᠡ ᠥᠬᠢᠨ ᠢ᠋ ᠬᠠᠷᠠᠬᠤ ᠪᠠᠷ 
 ᠲᠡᠷᠡ ᠯᠠ ᠶᠤᠮ ᠰᠢᠭ᠋ ᠬᠠᠨᠲᠠᠷᠮ᠎ᠠ  

 ᠠᠯᠬᠤᠭ᠎ᠠ ᠰᠠᠢᠲᠠᠢ ᠮᠣᠷᠢᠨ ᠤ᠋ 
 ᠳᠠᠪᠬᠢᠯ ᠢᠪᠢᠯᠭᠡᠭᠰᠡᠨ ᠬᠠᠨᠲᠠᠷᠮ᠎ᠠ 
 ᠠᠪᠤᠭᠠᠳ ᠯᠠ ᠰᠠᠭᠤᠶᠤ ᠭᠡᠬᠦ ᠪᠡᠷ 
 ᠳᠠᠩᠴᠤ ᠣᠯᠳᠠᠬᠤ ᠦᠭᠡᠢ ᠬᠠᠨᠲᠠᠷᠮ᠎ᠠ  

 ᠬᠠᠯᠬ᠎ᠠ ᠶ᠋ᠢᠨ ᠨᠠᠭᠠᠳᠤᠮ ᠢ᠋ ᠲᠣᠭᠣᠷᠢᠭᠠᠳ 
 ᠡᠷᠢᠶ᠎ᠡ ᠭᠡᠲᠡᠯ᠎ᠡ ᠬᠠᠨᠲᠠᠷᠮ᠎ᠠ 
 ᠬᠠᠮᠢᠭ᠎ᠠ ᠨᠢᠭᠡᠲᠡᠭᠡ ᠲᠡᠭᠦᠨ ᠢ᠋ 
 ᠬᠠᠷᠠᠭᠰᠠᠨ ᠴᠤ᠌ ᠶᠤᠮ ᠰᠢᠭ᠋ ᠬᠠᠨᠲᠠᠷᠮ᠎ᠠ  

 ᠠᠷᠪᠠᠨ ᠳᠣᠯᠣᠭᠠᠲᠠᠢ ᠬᠦᠰᠡᠯ ᠳ᠋ᠦ᠍ ᠮᠢᠨᠢ 
 ᠬᠣᠷᠢᠨ ᠬᠣᠶᠠᠷᠲᠠᠢ ᠬᠠᠨᠲᠠᠷᠮ᠎ᠠ 
 ᠭᠤᠴᠢᠨ ᠳᠣᠯᠣᠭᠠᠲᠠᠢ ᠪᠣᠳᠣᠯ ᠳ᠋ᠤ᠌ ᠮᠢᠨᠢ 
 ᠠᠷᠪᠠᠨ ᠨᠠᠢ᠍ᠮᠠᠲᠠᠢ ᠬᠠᠨᠲᠠᠷᠮ᠎ᠠ 
 
 ᠦᠬᠦᠵᠦ ᠮᠠᠷᠲᠠᠬᠤ ᠠᠷᠠᠳ ᠤ᠋ᠨ ᠳᠠᠭᠤᠤ ᠶ᠋ᠢᠨ 
 ᠴᠡᠯ ᠵᠠᠯᠠᠭᠤᠬᠠᠨ ᠬᠠᠨᠲᠠᠷᠮ᠎ᠠ 
 ᠡᠭᠦᠯᠡ ᠲᠡᠢ᠂ ᠨᠠᠷᠠ ᠲᠠᠢ ᠬᠣᠷᠸ᠎ᠠ ᠶ᠋ᠢᠨ 
 ᠴᠡᠪᠡᠷᠬᠡᠨ ᠢ᠋ ᠨᠢ ᠴᠣᠭᠴᠠᠯᠠᠭᠰᠠᠨ ᠬᠠᠨᠲᠠᠷᠮ᠎ᠠ  

 ᠬᠠᠷ᠎ᠠ ᠲᠣᠷᠭᠠᠨ ᠬᠠᠨᠵᠢᠶᠠᠷ ᠢ᠋ ᠴᠢᠨᠢ 
 ᠪᠣᠷᠵᠢᠭᠢᠨ ᠳ᠋ᠤ᠌ ᠬᠠᠷᠠᠯ᠎ᠠ᠂ ᠬᠠᠨᠲᠠᠷᠮ᠎ᠠ 
 ᠦᠵᠡᠲᠡᠯ᠎ᠡ ᠬᠥᠭᠡᠷᠦᠬᠦᠨ ᠴᠢᠷᠠᠢ ᠶ᠋ᠢ ᠴᠢᠨᠢ 
 ᠦᠵᠦᠮᠦᠴᠢᠨ ᠳ᠋ᠦ᠍ ᠦᠵᠡᠯ᠎ᠡ᠂ ᠬᠠᠨᠲᠠᠷᠮ᠎ᠠ  

 ᠠᠩᠭᠢᠷ ᠴᠠᠭᠠᠨ ᠴᠡᠭᠡᠵᠢ ᠶ᠋ᠢ ᠴᠢᠨᠢ 
 ᠡᠷ᠎ᠡ ᠪᠣᠯᠬᠤ ᠳ᠋ᠠᠭᠠᠨ ᠲᠡᠪᠡᠷᠢᠯ᠎ᠡ᠂ ᠬᠠᠨᠲᠠᠷᠮ᠎ᠠ 
 ᠠᠷᠠᠳ ᠤ᠋ᠨ ᠳᠠᠭᠤᠤ ᠭᠡᠵᠦ ᠪᠣᠳᠣᠭᠠᠳ 
 ᠬᠡᠰᠡᠭ ᠲᠡᠭᠡᠨ ᠮᠠᠷᠲᠠᠯ᠎ᠠ᠂ ᠬᠠᠨᠲᠠᠷᠮ᠎ᠠ  

 ᠳᠠᠭᠤᠯᠠᠵᠤ ᠶᠠᠪᠤᠭᠠᠳ ᠪᠠᠷᠠᠯ᠎ᠠ 
 ᠳᠠᠭᠤᠤ ᠪᠢᠰᠢ ᠶᠦᠮ ᠪᠢᠯᠡ᠂ ᠬᠠᠨᠲᠠᠷᠮ᠎ᠠ 
 ᠵᠡᠭᠦᠳᠦ ᠦᠨᠡᠨ ᠳ᠋ᠡᠭᠡᠨ ᠵᠡᠷᠭᠡᠴᠡᠭᠰᠡᠨ 
 ᠵᠢᠰᠦ ᠴᠤ᠌ ᠪᠢᠰᠢ ᠶᠦᠮ ᠪᠢᠯᠡ᠂ ᠬᠠᠨᠲᠠᠷᠮ᠎ᠠ  

 ᠬᠠᠨᠢ ᠠ᠋ᠴᠠ ᠪᠠᠨ ᠨᠢᠭᠤᠭᠰᠠᠨ 
 ᠬᠠᠷᠠᠴᠠᠨ ᠤ᠋ ᠵᠢᠷᠭᠠᠯ ᠨᠢ ᠶᠦᠮ ᠪᠢᠯᠡ᠂ ᠬᠠᠨᠲᠠᠷᠮ᠎ᠠ 
 ᠦᠷ᠎ᠡ ᠳ᠋ᠡᠭᠡᠨ ᠴᠤ᠌ ᠶᠠᠷᠢᠭ᠎ᠠ ᠦᠭᠡᠢ 
 ᠦᠨᠡᠨ ᠦ᠌ ᠵᠣᠪᠠᠯᠠᠩ ᠨᠢ ᠶᠦᠮ ᠪᠢᠯᠡ᠂ ᠬᠠᠨᠲᠠᠷᠮ᠎ᠠ᠃   

       ᠦᠰᠦᠭ ᠠᠮᠢᠯᠠᠭᠤᠯᠤᠭᠴᠢ᠄ ᠡᠩᠬᠡᠪᠠᠲᠤ 
          ᠦᠰᠦᠭ ᠬᠢᠨᠠᠭᠴᠢ᠄ ᠪᠠᠶᠠᠷᠴᠡᠴᠡᠭ