ᠮᠣᠩᠭᠣᠯ ᠬᠡᠯᠡᠴᠡ ᠶ᠋ᠢᠨ ᠬᠥᠮᠦᠵᠢᠯ — ᠴᠢᠷᠮᠠᠢᠯᠭ᠎ᠠ-ᠬᠣᠷᠳᠤᠨᠬᠦᠤМонгол хэлцийн хүмүүжил — чармайлга-Хурданхүү ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠡᠯᠡᠴᠡ ᠶ᠋ᠢᠨ ᠬᠥᠮᠦᠵᠢᠯ — ᠴᠢᠷᠮᠠᠢᠯᠭ᠎ᠠ-ᠬᠣᠷᠳᠤᠨᠬᠦᠤМонгол хэлцийн хүмүүжил — чармайлга-Хурданхүү

ᠮᠣᠩᠭᠣᠯ ᠬᠡᠯᠡᠴᠡ ᠶ᠋ᠢᠨ ᠬᠥᠮᠦᠵᠢᠯ — ᠴᠢᠷᠮᠠᠢᠯᠭ᠎ᠠ-ᠬᠣᠷᠳᠤᠨᠬᠦᠤМонгол хэлцийн хүмүүжил — чармайлга-Хурданхүү

2024-12-04

823

ᠮᠣᠩᠭᠣᠯ ᠬᠡᠯᠡᠴᠡ ᠶ᠋ᠢᠨ ᠬᠥᠮᠦᠵᠢᠯ — ᠴᠢᠷᠮᠠᠢᠯᠭ᠎ᠠ 

   ᠬᠣᠷᠳᠤᠨᠬᠦᠤ 
ᠠᠮᠢᠳᠤᠷᠠᠯ ᠢ᠋ ᠠᠵᠢᠯ ᠢ᠋ᠶ᠋ᠠᠷ 
ᠠᠮᠵᠢᠯᠲᠠ ᠶ᠋ᠢ ᠴᠢᠷᠮᠠᠢᠯᠭ᠎ᠠ ᠪᠠᠷ 
ᠪᠦᠲᠦᠭᠡᠯ ᠢ᠋ ᠵᠢᠳᠬᠦᠯ ᠢ᠋ᠶ᠋ᠡᠷ 
ᠪᠦᠷᠢᠳᠬᠡᠯ ᠢ᠋ ᠪᠠᠢᠴᠠᠭᠠᠯᠲᠠ ᠪᠠᠷ 
ᠰᠢᠨᠵᠢᠯᠡᠬᠦ ᠦᠭᠡᠢ ᠪᠣᠯ ᠮᠡᠳᠡᠬᠦ ᠦᠭᠡᠢ 
ᠰᠢᠮᠳᠠᠬᠤ ᠦᠭᠡᠢ ᠪᠣᠯ ᠰᠤᠷᠬᠤ ᠦᠭᠡᠢ 
ᠢᠰᠢᠭᠡ ᠦᠭᠡᠢ ᠪᠣᠯ ᠰᠡᠷᠬᠡ ᠦᠭᠡᠢ 
ᠢᠳᠡᠪᠬᠢ ᠦᠭᠡᠢ ᠪᠣᠯ ᠠᠮᠵᠢᠯᠲᠠ ᠦᠭᠡᠢ 
ᠬᠢᠭᠰᠡᠭᠡᠷ ᠬᠢᠭᠰᠡᠭᠡᠷ ᠰᠤᠷᠴᠤ 
ᠬᠡᠯᠡᠭᠰᠡᠭᠡᠷ ᠬᠡᠯᠡᠭᠰᠡᠭᠡᠷ ᠴᠠᠭᠠᠷᠠᠬᠤ 
ᠣᠶᠣᠵᠤ ᠣᠶᠣᠵᠤ ᠤᠷᠠᠨ ᠪᠣᠯᠳᠠᠭ
ᠤᠷᠤᠯᠳᠤᠵᠤ ᠤᠷᠤᠯᠳᠤᠵᠤ ᠳᠠᠷᠬᠠᠨ ᠪᠣᠯᠳᠠᠭ
ᠰᠠᠨᠠᠵᠤ ᠶᠠᠪᠤᠪᠠᠯ ᠪᠦᠲᠦᠳᠡᠭ
ᠰᠠᠵᠢᠯᠠᠵᠤ ᠶᠠᠪᠤᠪᠠᠯ ᠬᠦᠷᠳᠡᠭ
ᠠᠵᠢᠯᠯᠠᠬᠤ ᠨᠢ ᠮᠢᠩᠭᠠᠨ ᠡᠳᠦᠷ
ᠭᠠᠷᠬᠤ ᠨᠢ ᠨᠢᠭᠡ ᠡᠳᠦᠷ
ᠰᠢᠮᠳᠠᠬᠤ ᠨᠢ ᠡᠮᠦᠨ᠎ᠡ ᠪᠡᠨ
ᠰᠢᠯᠭᠠᠷᠠᠬᠤ ᠨᠢ ᠬᠣᠢᠨ᠎ᠠ ᠪᠠᠨ
ᠤᠳᠠᠭᠠᠨ ᠠ᠋ᠴᠠ ᠠᠶᠤᠬᠤ ᠦᠭᠡᠢ
ᠤᠬᠤᠷᠢᠬᠤ ᠠ᠋ᠴᠠ ᠠᠶᠤᠨ᠎ᠠ
ᠮᠡᠳᠡᠬᠦ ᠦᠭᠡᠢ ᠪᠣᠯ ᠠᠰᠠᠭᠤ
ᠴᠢᠳᠠᠬᠤ ᠦᠭᠡᠢ ᠪᠣᠯ ᠰᠤᠷ
ᠮᠡᠳᠡᠶ᠎ᠡ ᠭᠡᠪᠡᠯ ᠮᠡᠷᠡᠢ
ᠴᠢᠳᠠᠶ᠎ᠠ ᠭᠡᠪᠡᠯ ᠴᠢᠷᠮᠠᠢ
   ᠢᠷᠡᠯᠲᠡ ᠄ ᠠᠷᠤ ᠬᠣᠷᠴᠢᠨ ᠬᠤᠰᠢᠭᠤᠨ ᠤ᠋ ᠬᠠᠮ ᠵᠠᠭᠤᠴᠢᠯᠠᠭᠤᠷ ᠤ᠋ᠨ ᠲᠥᠪ
   ᠦᠰᠦᠭ ᠠᠮᠢᠯᠠᠭᠤᠯᠤᠭᠰᠠᠨ ᠨᠢ ᠄ ᠴᠢ᠊ · ᠤᠷᠠᠨᠴᠡᠴᠡᠭ