ᠤᠳᠬ᠎ᠠ ᠰᠣᠶᠣᠯ ᠠᠨᠤ ᠠᠷᠠᠳ ᠤᠭᠰᠠᠭ᠎ᠠ ᠶ᠋ᠢᠨ ᠮᠠᠨᠳᠤᠬᠤ ᠪᠠᠭᠤᠷᠠᠬᠤ ᠳ᠋ᠤᠷ ᠭᠦᠨ᠎ᠡ ᠶᠡᠬᠡ ᠬᠣᠯᠪᠣᠭᠳᠠᠯᠲᠠᠢ ᠤᠴᠢᠷ – ᠬᠡᠰᠢᠩᠭᠡ Утга соёл ануу ард угсаагийн мандах буурахдур гүнээ их холбогдолтой очир – Гэшингэ
ᠤᠳᠬ᠎ᠠ ᠰᠣᠶᠣᠯ ᠠᠨᠤ ᠠᠷᠠᠳ ᠤᠭᠰᠠᠭ᠎ᠠ ᠶ᠋ᠢᠨ ᠮᠠᠨᠳᠤᠬᠤ ᠪᠠᠭᠤᠷᠠᠬᠤ ᠳ᠋ᠤᠷ ᠭᠦᠨ᠎ᠡ ᠶᠡᠬᠡ ᠬᠣᠯᠪᠣᠭᠳᠠᠯᠲᠠᠢ ᠤᠴᠢᠷ
ᠳᠤᠮᠳᠠᠳᠤ ᠤᠯᠤᠰ ᠢ᠋ᠶ᠋ᠠᠷ ᠥᠭᠦᠯᠡᠪᠡᠰᠦ ᠡᠷᠲᠡ ᠴᠠᠭ ᠲᠤ᠌ ᠨᠡᠯᠢᠶᠡᠳ ᠣᠯᠠᠨ ᠠᠢᠮᠠᠭ ᠤᠭᠰᠠᠭ᠎ᠠ ᠪᠠᠢᠵᠤ ᠲᠤᠰ ᠲᠤᠰ ᠨᠢᠭᠡᠨ ᠮᠣᠵᠢ ᠪᠤᠶᠤ ᠬᠡᠳᠦᠨ ᠮᠣᠵᠢ ᠶ᠋ᠢ ᠡᠵᠡᠯᠡᠨ ᠰᠠᠭᠤᠵᠤ ᠥᠪᠡᠷ ᠲᠦ᠍ ᠪᠡᠨ ᠴᠥᠮ ᠲᠤᠰᠠᠭᠠᠷ ᠬᠡᠯᠡ ᠦᠰᠦᠭ ᠲᠡᠢ ᠪᠠᠢᠭᠰᠠᠨ ᠪᠥᠯᠥᠭᠡ᠃ ᠭᠠᠭᠴᠠ ᠲᠡᠳᠡᠭᠡᠷ ᠠᠢᠮᠠᠭ ᠤ᠋ᠳ ᠲᠥᠷᠥ ᠤᠭ ᠠ᠋ᠴᠠ ᠲᠡᠢᠮᠦ ᠭᠠᠢᠬᠠᠮᠰᠢᠭ ᠲᠠᠮᠢᠷ ᠬᠦᠴᠦ ᠲᠡᠢ ᠲᠤᠰᠠᠭᠠᠷ ᠲᠣᠭᠲᠠᠨᠢᠮᠠᠷ ᠦᠭᠡ ᠥᠭᠦᠯᠡᠯ ᠤᠳᠬ᠎ᠠ ᠦᠰᠦᠭ ᠭᠡᠮᠡᠨ ᠡᠰᠡ ᠪᠠᠢᠭᠰᠠᠨ ᠲᠤᠯᠠ ᠪᠤᠰᠤᠳ ᠤᠭᠰᠠᠭ᠎ᠠ ᠶ᠋ᠢᠨ ᠤᠳᠬ᠎ᠠ ᠦᠰᠦᠭ᠂ ᠦᠭᠡ ᠥᠭᠦᠯᠡᠯ ᠳ᠋ᠦ᠍ᠷ ᠪᠠᠯᠠᠷᠠᠭᠳᠠᠨ ᠰᠢᠩᠭᠡᠭᠰᠡᠭᠡᠷ ᠨᠢᠭᠡᠮᠦᠰᠦᠨ ᠪᠤᠰᠤᠳ ᠤ᠋ᠨ ᠬᠡᠯᠡ ᠦᠰᠦᠭ ᠢ᠋ ᠳᠠᠭᠠᠵᠤ ᠥᠪᠡᠷ ᠦ᠋ᠨ ᠬᠡᠯᠡ ᠦᠰᠦᠭ ᠢ᠋ᠶ᠋ᠡᠨ ᠬᠡᠵᠢᠶᠡᠨ ᠦ᠌ ᠤᠮᠠᠷᠲᠠᠨ ᠣᠷᠬᠢᠭᠰᠠᠨ ᠢ᠋ᠶ᠋ᠠᠷ ᠦᠯᠦ ᠪᠠᠷᠠᠨ᠂ ᠤᠭᠰᠠᠭ᠎ᠠ ᠦᠨᠳᠦᠰᠦ ᠳ᠋ᠦ᠍ᠷ ᠬᠦᠷᠲᠡᠯ᠎ᠡ ᠤᠨᠲᠠᠷᠠᠨ ᠤᠰᠠᠳᠴᠤ ᠪᠠᠷᠠᠭᠳᠠᠭᠰᠠᠨ ᠢ᠋ᠶ᠋ᠠᠷ ᠡᠳᠦᠭᠡ ᠳ᠋ᠦ᠍ᠷ ᠠᠷᠠᠢ ᠭᠡᠵᠦ ᠬᠢᠲᠠᠳ᠂ ᠮᠠᠨᠵᠤ᠂ ᠮᠣᠩᠭᠣᠯ᠂ ᠬᠣᠲᠣᠩ᠂ ᠲᠥᠪᠡᠳ᠂ ᠬᠡᠮᠡᠬᠦ ᠲᠠᠪᠤᠨ ᠤᠭᠰᠠᠭ᠎ᠠ ᠶ᠋ᠢᠨ ᠲᠡᠳᠦᠢ ᠦᠯᠡᠳᠡᠭᠳᠡᠵᠦ ᠪᠣᠢ ᠠᠵᠤᠭᠤ᠃ ᠡᠭᠦᠨᠦ ᠳᠣᠲᠣᠷ᠎ᠠ ᠠ᠋ᠴᠠ ᠮᠠᠨᠵᠤ ᠤᠭᠰᠠᠭ᠎ᠠ ᠠᠨᠤ ᠣᠳᠣ ᠶᠠᠮᠠᠷ ᠪᠣᠯᠵᠤ ᠪᠠᠢᠨᠠᠮ᠂ ᠭᠠᠭᠴᠠ ᠮᠠᠨᠵᠤ ᠭᠡᠬᠦ ᠨᠡᠷ᠎ᠡ ᠶ᠋ᠢᠨ ᠲᠡᠳᠦᠢ ᠦᠯᠡᠳᠡᠭᠳᠡᠵᠦ ᠪᠠᠢᠬᠤ ᠠ᠋ᠴᠠ ᠴᠣᠬᠣᠮ ᠦᠨᠡᠨ ᠳ᠋ᠦ᠍ᠷ ᠬᠡᠯᠡ ᠦᠭᠡᠰ ᠪᠠ ᠤᠳᠬ᠎ᠠ ᠦᠰᠦᠭ ᠢ᠋ᠶ᠋ᠡᠨ ᠬᠡᠵᠢᠶᠡᠨᠡᠢ ᠤᠮᠠᠷᠲᠠᠨ ᠣᠷᠬᠢᠵᠤ ᠰᠢᠭᠤᠳ ᠬᠢᠲᠠᠳ ᠤᠭᠰᠠᠭ᠎ᠠ ᠲᠠᠢ ᠠᠳᠠᠯᠢ ᠪᠣᠯᠵᠤ ᠢᠯᠭᠠᠯ ᠦᠭᠡᠢ ᠪᠣᠯᠤᠭᠰᠠᠨ ᠪᠢᠰᠢ ᠤᠤ᠃ ᠡᠨᠡ ᠢᠨᠤ ᠮᠠᠨᠵᠤ ᠤᠭᠰᠠᠭᠠᠲᠠᠨ ᠨᠠᠷ ᠤᠭ ᠠ᠋ᠴᠠ ᠥᠪᠡᠷ ᠦ᠋ᠨ ᠬᠡᠯᠡ ᠦᠰᠦᠭ ᠢ᠋ᠶ᠋ᠡᠨ ᠬᠥᠩᠭᠡᠨ ᠦᠵᠡᠵᠦ ᠪᠤᠰᠤᠳ ᠤ᠋ᠨ ᠦᠭᠡ ᠥᠭᠦᠯᠡᠯ ᠤᠳᠬ᠎ᠠ ᠦᠰᠦᠭ ᠢ᠋ ᠳᠠᠩᠴᠤ ᠬᠦᠨᠳᠦ ᠭᠠᠢᠬᠠᠮᠰᠢᠭᠲᠤ ᠪᠣᠯᠭᠠᠨ ᠡᠳᠦᠷ ᠪᠦᠷᠢ ᠳᠠᠭᠠᠨ ᠳᠠᠭᠤᠷᠢᠶᠠᠨ ᠡᠷᠳᠡᠮ ᠴᠢᠳᠠᠯ ᠪᠣᠯᠭᠠᠨ ᠰᠤᠷᠤᠯᠴᠠᠵᠤ ᠴᠣᠬᠣᠮ ᠬᠦ ᠮᠠᠨᠵᠤ ᠪᠠᠷ ᠬᠡᠯᠡᠯᠴᠡᠬᠦ ᠪᠢᠴᠢᠯᠴᠢᠬᠦ ᠪᠡᠨ ᠢᠴᠢᠭᠦᠷᠢ ᠭᠤᠲᠤᠮᠰᠢᠭ ᠪᠣᠯᠭᠠᠭᠰᠠᠨ ᠬᠠᠷᠠᠭ᠎ᠠ ᠪᠠᠷ ᠪᠤᠰᠤᠳ ᠠ᠋ᠴᠠ ᠲᠡᠭᠦᠨ ᠢ᠋ ᠰᠠᠨᠠᠭ᠎ᠠ ᠲᠠᠢ ᠪᠠᠷ ᠲᠤᠰᠬᠠᠢ ᠤᠰᠠᠳᠬᠠᠶ᠎ᠠ ᠭᠡᠮᠡᠨ ᠣᠷᠣᠯᠳᠤᠯ ᠦᠭᠡᠢ ᠪᠡᠷ ᠥᠪᠡᠷ ᠢ᠋ᠶ᠋ᠡᠨ ᠠᠶᠠᠨᠳᠠᠭᠠᠨ ᠮᠥᠬᠥᠵᠦ ᠰᠥᠨᠥᠵᠦ ᠪᠠᠷᠠᠭᠳᠠᠭᠰᠠᠨ ᠪᠣᠯᠠᠢ᠃ ᠡᠨᠡ ᠬᠡᠳᠦᠢ ᠲᠦᠭᠰᠢᠭᠦᠷᠢ ᠠᠶᠤᠮᠰᠢᠭᠲᠠᠢ ᠪᠠᠢᠨᠠᠮ᠃ ᠡᠢᠮᠦ ᠲᠡᠮᠦᠷ ᠮᠡᠲᠦ ᠭᠡᠷᠡᠴᠢ ᠨᠢᠳᠦᠨ᠎ᠡ ᠢᠪ ᠢᠯᠡᠬᠡᠨ ᠦᠵᠡᠭᠳᠡᠵᠦ ᠪᠠᠢᠲᠠᠯ᠎ᠠ ᠮᠠᠨ ᠤ᠋ ᠮᠣᠩᠭᠣᠯ ᠤᠭᠰᠠᠭᠠᠲᠠᠨ ᠣᠳᠣ ᠳᠠᠷᠤᠢ ᠲᠦᠷᠭᠡᠨ ᠰᠡᠷᠭᠦᠵᠦ ᠤᠬᠠᠭᠠᠷᠠᠬᠤ ᠦᠭᠡᠢ ᠪᠣᠯᠤᠮᠤᠢ ᠤᠤ᠃ ᠨᠡᠩᠳᠡ ᠮᠠᠨ ᠤ᠋ ᠮᠣᠩᠭᠣᠯ ᠤ᠋ᠨ ᠡᠨᠡ ᠡᠳᠦᠷ ᠦ᠋ᠨ ᠵᠣᠭᠰᠣᠯᠲᠠ ᠣᠷᠣᠨ ᠬᠡᠮᠡᠪᠡᠰᠦ ᠣᠭᠲᠣ ᠤᠷᠢᠳᠠ ᠶ᠋ᠢᠨ ᠮᠠᠨᠵᠤ ᠤᠭᠰᠠᠭᠠᠲᠠᠨ ᠯᠤᠭ᠎ᠠ ᠠᠳᠠᠯᠢᠳᠬᠠᠵᠤ ᠪᠣᠯᠬᠤ ᠠᠨᠤ ᠪᠤᠰᠤ᠂ ᠮᠠᠨ ᠤ᠋ ᠮᠣᠩᠭᠣᠯ ᠤ᠋ᠨ ᠡᠳᠦᠭᠡᠬᠢ ᠪᠠᠢᠳᠠᠯ ᠠᠨᠤ ᠭᠠᠳᠠᠭᠠᠳᠤ ᠳᠣᠲᠣᠭᠠᠳᠤ ᠶ᠋ᠢᠨ ᠣᠯᠠᠨ ᠡᠵᠡᠷᠬᠡᠭᠳᠡᠨ ᠦ᠌ ᠳᠤᠮᠳᠠ ᠣᠷᠣᠰᠢᠵᠤ ᠡᠳᠦᠷ ᠢᠷᠡᠬᠦᠶ᠎ᠡ ᠤᠯᠠᠮ ᠲᠡᠭᠦᠨᠦ ᠬᠠᠯᠳᠠᠨ ᠳᠠᠷᠤᠯᠠᠬᠤ ᠶ᠋ᠢ ᠬᠦᠯᠢᠶᠡᠵᠦ ᠵᠦᠢᠯ ᠪᠦᠷᠢ ᠶ᠋ᠢᠨ ᠭᠠᠴᠢᠭᠳᠠᠯ ᠠᠮᠰᠠᠵᠤ ᠠᠬᠤ ᠶ᠋ᠢᠨ ᠳᠡᠭᠡᠷ᠎ᠡ ᠡᠨᠡ ᠬᠦ ᠠᠮᠢᠳᠤᠷᠠᠨ ᠲᠣᠭᠲᠠᠨᠢᠬᠤ ᠶ᠋ᠢᠨ ᠲᠡᠮᠡᠴᠡᠯ ᠪᠤᠳᠤᠯᠢᠶᠠᠨᠲᠠᠢ ᠴᠠᠭ ᠲᠣᠬᠢᠶᠠᠯᠳᠤᠭᠰᠠᠨ ᠢ᠋ᠶ᠋ᠠᠷ ᠣᠳᠣ ᠴᠣᠬᠣᠮ ᠬᠦ ᠠᠩᠭ᠌ᠯᠢ ᠶ᠋ᠢᠨ ᠳ᠋ᠠᠷᠸᠢᠨ ᠤ᠋ ᠥᠭᠦᠯᠡᠭᠰᠡᠨ《ᠵᠥᠭᠡᠯᠡᠨ ᠦ᠌ ᠮᠢᠬ᠎ᠠ᠂ ᠴᠢᠬᠢᠷᠠᠭ ᠤ᠋ᠨ ᠢᠳᠡᠭᠡᠨ》 ᠬᠡᠮᠡᠭᠰᠡᠨ ᠮᠡᠲᠦ ᠮᠠᠨ ᠤ᠋ ᠵᠥᠭᠡᠯᠡᠨ ᠪᠠᠭᠤᠷᠠᠢ ᠮᠣᠩᠭᠣᠯ ᠤᠭᠰᠠᠭ᠎ᠠ ᠮᠢᠬ᠎ᠠ ᠪᠣᠯᠵᠤ ᠲᠡᠷᠡ ᠴᠢᠭᠢᠷᠠᠭ ᠬᠦᠴᠦᠳᠡᠨᠡ ᠢᠳᠡᠭᠳᠡᠨ ᠰᠢᠩᠭᠡᠭᠡᠭᠳᠡᠮᠦᠢ ᠢ᠎ᠠ᠃ ᠶᠠᠭᠤᠨ ᠭᠡᠬᠦᠯ᠎ᠡ ᠲᠡᠷᠡ ᠪᠠᠰᠠ ᠥᠭᠦᠯᠡᠭᠰᠡᠨ ᠢᠨᠤ《ᠴᠠᠭ ᠤᠴᠠᠷᠠᠯ ᠯᠤᠭ᠎ᠠ ᠨᠡᠢᠯᠡᠯᠴᠡᠨ ᠵᠣᠬᠢᠭᠴᠢᠳ ᠪᠣᠯᠤᠭᠰᠠᠨ ᠠᠨᠤ ᠠᠮᠢᠳᠤᠷᠠᠨ ᠲᠣᠭᠲᠠᠨᠢᠬᠤ ᠪᠥᠭᠡᠳ ᠡᠰᠡ ᠵᠣᠬᠢᠭᠴᠢᠳ ᠠᠨᠤ ᠰᠥᠨᠥᠵᠦ ᠮᠥᠬᠥᠮᠦᠢ》 ᠬᠡᠮᠡᠵᠦᠬᠦᠢ᠃ ᠮᠠᠨ ᠤ᠋ ᠮᠣᠩᠭᠣᠯ ᠤᠭᠰᠠᠭ᠎ᠠ ᠡᠨᠡ ᠡᠳᠦᠷ ᠦ᠋ᠨ ᠣᠷᠣᠰᠢᠯᠲᠠ ᠣᠷᠣᠨ ᠪᠠ ᠲᠣᠭᠣᠷᠢᠭᠰᠠᠨ ᠪᠠᠢᠳᠠᠯ ᠬᠢᠭᠡᠳ ᠲᠡᠭᠦᠨᠤ ᠵᠠᠰᠠᠭ ᠵᠠᠰᠠᠯᠲᠠ᠂ ᠰᠤᠷᠭᠠᠯ ᠰᠣᠶᠣᠯ᠂ ᠡᠳ᠋ ᠬᠥᠷᠥᠩᠭᠡ᠂ ᠬᠦᠴᠦᠨ ᠲᠡᠩᠬᠡᠭᠡ ᠠᠯᠢᠪᠠᠰᠤ ᠪᠠᠷ ᠴᠥᠮ ᠬᠥᠮᠦᠨ ᠦ᠌ ᠬᠣᠢᠲᠠᠢ ᠣᠷᠣᠵᠤ ᠬᠣᠴᠣᠷᠤᠭᠳᠠᠵᠤ ᠨᠢᠭᠡᠨᠲᠡ ᠪᠠᠭ᠎ᠠ ᠪᠠᠭᠤᠷᠠᠢ ᠤᠭᠰᠠᠭᠠᠲᠠᠨ ᠤ᠋ ᠲᠣᠭᠠᠨ ᠳ᠋ᠤᠷ ᠣᠷᠣᠵᠤ ᠲᠣᠭᠠᠯᠠᠭᠳᠠᠵᠤ ᠪᠠᠢᠬᠤ ᠳ᠋ᠤᠷ ᠡᠭᠨᠡᠭᠳᠡ ᠵᠣᠬᠢᠠᠭᠴᠢᠳ ᠪᠣᠯᠬᠤ ᠤᠤ᠂ ᠪᠤᠰᠤ ᠤᠤ! ᠠᠶ᠎ᠠ ᠬᠡᠯᠡᠵᠦ ᠰᠠᠨᠠᠭᠰᠠᠭᠠᠷ ᠡᠭᠦᠨ ᠳ᠋ᠦ᠍ᠷ ᠠᠮᠠᠳᠠᠨ ᠲᠤᠯᠪᠠᠰᠤ ᠦᠨᠡᠬᠡᠷ ᠡᠯᠢᠭᠡ ᠰᠢᠮᠰᠢᠷᠡᠨ ᠵᠢᠷᠦᠬᠡ ᠬᠡᠮᠬᠡᠷᠡᠮᠦᠢ᠃ ᠬᠡᠳᠦᠢ ᠲᠡᠢᠨ ᠪᠣᠯᠪᠠᠴᠤ ᠮᠠᠨ ᠤ᠋ ᠮᠣᠩᠭᠣᠯ ᠤᠭᠰᠠᠭᠠᠲᠠᠨ ᠤᠭ ᠠ᠋ᠴᠠ ᠲᠡᠢᠮᠦ ᠦᠪᠡᠳᠡᠭᠰᠢ ᠦᠬᠡᠨᠴᠡ ᠳᠣᠷᠣᠢ ᠠᠮᠢᠲᠠᠨ ᠪᠤᠰᠤ ᠪᠢᠯᠡ᠃ ᠡᠷᠲᠡ ᠴᠢᠩᠭᠢᠰ ᠪᠣᠭᠳᠠ ᠶ᠋ᠢᠨ ᠦᠶᠡᠰ ᠴᠣᠭ ᠵᠢᠪᠬᠤᠯᠠᠩ ᠰᠦᠷ ᠡᠷᠳᠡᠮ ᠢᠨᠤ ᠪᠦᠬᠦ ᠶᠢᠷᠲᠢᠨᠴᠦ ᠳ᠋ᠦ᠍ᠷ ᠳᠦᠭᠦᠷᠡᠩ ᠮᠠᠨᠳᠤᠵᠤ ᠮᠠᠩᠯᠠᠢ ᠪᠠᠭᠠᠲᠤᠷ ᠤ᠋ᠨ ᠨᠡᠷ᠎ᠡ ᠠᠯᠳᠠᠷᠰᠢᠨ ᠳᠡᠯᠭᠡᠷᠡᠵᠦ ᠮᠥᠨ ᠬᠦ ᠠᠽᠢᠶ᠎ᠠ ᠧᠦ᠋ᠷᠣᠫᠠ ᠬᠣᠶᠠᠷ ᠲᠢᠪ ᠢ᠋ ᠡᠷᠬᠡ ᠳ᠋ᠡᠭᠡᠨ ᠡᠵᠡᠯᠡᠨ ᠠᠪᠴᠤ᠂ ᠡᠷᠲᠡᠨ ᠡᠳᠦᠭᠡ ᠬᠣᠣᠰ ᠵᠡᠷᠭᠡᠴᠡᠯ ᠦᠭᠡᠢ ᠠᠭᠤᠤ ᠶᠡᠬᠡ ᠭᠠᠪᠢᠶ᠎ᠠ ᠦᠢᠯᠡᠰ ᠢ᠋ ᠪᠦᠲᠦᠭᠡᠵᠦ᠂ ᠳᠤᠮᠳᠠᠳᠤ ᠤᠯᠤᠰ ᠢ᠋ ᠨᠢᠭᠡᠳᠬᠡᠵᠦ ᠶᠤᠸᠠᠨ ᠬᠡᠮᠡᠬᠦ ᠮᠣᠩᠭᠣᠯ ᠶᠡᠬᠡ ᠤᠯᠤᠰ ᠲᠥᠷᠥ ᠶ᠋ᠢ ᠪᠠᠢᠭᠤᠯᠵᠤ᠂ ᠪᠦᠬᠦ ᠳᠡᠯᠡᠬᠡᠢ ᠳᠡᠭᠡᠷ᠎ᠡ ᠮᠠᠰᠢ ᠭᠡᠷᠡᠯ ᠥᠩᠭᠡ ᠲᠡᠢ ᠮᠠᠨᠳᠤᠨ ᠬᠥᠭᠵᠢᠵᠦ ᠭᠡᠭᠡᠨ ᠭᠢᠯᠪᠠᠯᠵᠠᠭᠰᠠᠨ ᠲᠡᠦᠬᠡ ᠱᠠᠰᠲᠢᠷ ᠲᠠᠢ ᠤᠭᠰᠠᠭᠠᠲᠠᠨ ᠪᠥᠯᠥᠭᠡ᠃ ᠭᠠᠭᠴᠠ ᠡᠨᠡ ᠬᠡᠳᠦᠨ ᠵᠠᠭᠤᠨ ᠣᠨ ᠠ᠋ᠴᠠ ᠢᠨᠠᠭᠰᠢ ᠮᠥᠨ ᠯᠡ ᠤᠷᠢᠳᠤ ᠴᠢᠩ ᠤᠯᠤᠰ ᠤ᠋ᠨ ᠬᠣᠣᠷ ᠬᠠᠷᠠᠲᠠᠢ ᠵᠠᠰᠠᠭ ᠪᠣᠳᠣᠯᠭ᠎ᠠ ᠳ᠋ᠤᠷ ᠤᠨᠠᠵᠤ ᠲᠡᠭᠦᠨᠤ ᠠᠷᠠᠳ ᠣᠯᠠᠨ ᠢ᠋ ᠮᠤᠩᠬᠠᠷᠠᠭᠤᠯᠤᠨ ᠲᠡᠨᠡᠭᠰᠢᠷᠡᠭᠦᠯᠬᠦ ᠠᠷᠭ᠎ᠠ ᠮᠡᠬᠡ ᠳ᠋ᠦ᠍ᠷ ᠮᠡᠬᠡᠯᠡᠭᠳᠡᠨ ᠣᠷᠣᠵᠤ᠂ ᠡᠳᠦᠷ ᠢᠷᠡᠬᠦᠶ᠎ᠡ ᠮᠠᠭᠤᠳᠠᠨ ᠳᠣᠷᠣᠢᠲᠠᠵᠤ᠂ ᠬᠥᠮᠦᠨ ᠦ᠌ ᠬᠣᠣᠷᠯᠠᠨ ᠬᠥᠨᠥᠭᠡᠬᠦ ᠪᠡᠷ ᠵᠠᠪᠳᠤᠵᠤ ᠭᠦᠨ᠂ ᠨᠠᠷᠢᠨ ᠭᠡᠮ ᠬᠣᠣᠷ ᠭᠦᠶᠦᠯᠭᠡᠵᠦ ᠪᠠᠢᠲᠠᠯ᠎ᠠ ᠥᠴᠦᠬᠡᠨ ᠴᠦ᠍ ᠤᠬᠠᠭᠠᠷᠠᠨ ᠰᠡᠷᠭᠦᠬᠦ ᠦᠭᠡᠢ᠂ ᠪᠠᠭᠠᠲᠤᠷ ᠬᠦᠴᠦᠨ ᠴᠦ᠍ ᠪᠠᠢᠨ ᠪᠠᠢᠭᠰᠠᠭᠠᠷ ᠪᠠᠭᠤᠷᠠᠵᠤ ᠣᠮᠣᠭ ᠵᠣᠷᠢᠭ ᠤᠯᠠᠮ ᠤᠯᠠᠮ ᠤᠰᠠᠳᠴᠤ ᠤᠬᠠᠭᠠᠨ ᠰᠠᠨᠠᠭ᠎ᠠ ᠬᠠᠭᠠᠭᠳᠠᠵᠤ᠂ ᠮᠠᠲᠠᠯ ᠦᠵᠡᠯ ᠪᠠᠯᠠᠷᠠᠭᠳᠠᠵᠤ᠂ ᠰᠤᠷᠭᠠᠯ ᠰᠣᠶᠣᠯ ᠭᠡᠮᠡᠨ ᠥᠴᠦᠬᠡᠨ ᠴᠦ᠍ ᠡᠷᠬᠢᠯᠡᠬᠦ ᠦᠭᠡᠢ᠂ ᠡᠷᠳᠡᠮ ᠴᠢᠳᠠᠯ ᠭᠡᠮᠡᠨ ᠰᠢᠭᠤᠳ ᠰᠠᠨᠠᠭ᠎ᠠ ᠲᠠᠯᠪᠢᠬᠤ ᠦᠭᠡᠢ ᠪᠣᠯᠤᠭᠰᠠᠨ ᠢ᠋ᠶ᠋ᠠᠷ ᠣᠳᠣ ᠴᠣᠬᠣᠮ ᠭᠠᠳᠠᠭᠠᠳᠤ ᠳᠣᠲᠣᠭᠠᠳᠤ ᠶ᠋ᠢᠨ ᠪᠠᠢᠳᠠᠯ ᠲᠥᠯᠥᠪ ᠬᠡᠷᠬᠢᠨ ᠪᠣᠯᠵᠤ᠂ ᠥᠪᠡᠷ ᠪᠤᠰᠤᠳ ᠤ᠋ᠨ ᠬᠠᠮᠢᠶ᠎ᠠ ᠬᠣᠯᠪᠣᠭᠳᠠᠯ ᠶᠠᠮᠠᠷ ᠪᠣᠯᠵᠤ ᠪᠠᠢᠬᠤ ᠶ᠋ᠢ ᠥᠴᠦᠬᠡᠨ ᠴᠦ᠍ ᠣᠯᠵᠤ ᠮᠡᠳᠡᠬᠦ ᠦᠭᠡᠢ᠂ ᠴᠣᠬᠣᠮ ᠮᠤᠩᠬᠠᠭ ᠬᠠᠷᠠᠩᠭᠤᠢ ᠪᠠᠷ ᠡᠳᠦᠭᠡ ᠳ᠋ᠦ᠍ᠷ ᠬᠦᠷᠴᠦ ᠢᠷᠡᠭᠰᠡᠨ ᠠᠵᠤᠭᠤ᠃ ᠡᠢᠨ ᠠᠲᠠᠯ᠎ᠠ᠂ ᠮᠠᠨ ᠤ᠋ ᠮᠣᠩᠭᠣᠯ ᠤᠭᠰᠠᠭᠠᠲᠠᠨ ᠵᠠᠪᠰᠢᠶᠠᠨ ᠢ᠋ᠶ᠋ᠠᠷ ᠡᠳᠦᠢᠴᠢᠨᠡᠭᠡᠨ ᠣᠨ ᠥᠩᠭᠡᠷᠡᠲᠡᠯ᠎ᠡ ᠤᠭᠰᠠᠭ᠎ᠠ ᠦᠨᠳᠦᠰᠦ ᠤᠭ ᠬᠡᠪ ᠢ᠋ᠶ᠋ᠡᠷ ᠪᠠᠳᠠᠷᠠᠨ ᠲᠣᠭᠲᠠᠨᠢᠵᠤ ᠤᠰᠠᠳᠤᠨ ᠤᠨᠲᠠᠷᠠᠭᠰᠠᠨ ᠦᠭᠡᠢ᠂ ᠡᠨᠡ ᠡᠭᠡᠨᠡᠭᠲᠡ ᠶᠠᠮᠠᠷ ᠰᠢᠯᠲᠠᠭᠠᠨ ᠢ᠋ᠶ᠋ᠠᠷ ᠡᠢᠮᠦ ᠶᠡᠬᠡ ᠠᠴᠢ ᠲᠤᠰᠠ ᠪᠣᠯᠤᠭᠰᠠᠨ ᠪᠣᠢ ᠬᠡᠮᠡᠪᠡᠰᠦ ᠭᠠᠭᠴᠠ ᠬᠡᠯᠡ ᠦᠭᠡᠰ ᠢ᠋ᠶ᠋ᠡᠨ ᠤᠮᠠᠷᠲᠠᠭᠰᠠᠨ ᠦᠭᠡᠢ ᠪᠥᠭᠡᠳ ᠤᠳᠬ᠎ᠠ ᠦᠰᠦᠭ ᠢ᠋ᠶ᠋ᠡᠨ ᠭᠡᠭᠡᠭᠰᠡᠨ ᠦᠭᠡᠢ ᠶ᠋ᠢᠨ ᠠᠴᠢ ᠲᠤᠰᠠ ᠪᠣᠯᠠᠢ᠃ ᠡᠭᠦᠪᠡᠷ ᠬᠡᠯᠡ ᠦᠭᠡᠰ ᠤᠳᠬ᠎ᠠ ᠦᠰᠦᠭ ᠭᠡᠭᠴᠢ ᠤᠭᠰᠠᠭ᠎ᠠ ᠦᠨᠳᠦᠰᠦ ᠳ᠋ᠦ᠍ᠷ ᠭᠦᠨ᠎ᠡ ᠨᠠᠷᠢᠨ ᠬᠣᠯᠪᠣᠭᠳᠠᠯ ᠲᠠᠢ ᠤᠴᠢᠷ ᠢ᠋ ᠮᠡᠳᠡᠵᠦ ᠪᠣᠯᠤᠮᠤᠢ᠃ ᠡᠭᠦᠨᠴᠡ ᠤᠯᠠᠮ ᠤᠯᠠᠮ ᠡᠷᠬᠢᠯᠡᠨ ᠬᠦᠨᠳᠦᠳᠬᠡᠵᠦ ᠡᠷᠬᠡᠪᠰᠢ ᠣᠯᠠᠨ ᠨᠡᠢᠲᠡ ᠲᠦᠭᠡᠮᠡᠯ ᠢ᠋ᠶ᠋ᠡᠷ ᠮᠣᠩᠭᠣᠯ ᠦᠰᠦᠭ ᠢ᠋ᠶ᠋ᠡᠨ ᠲᠠᠨᠢᠵᠤ ᠮᠡᠳᠡᠵᠦ᠂ ᠪᠢᠴᠢᠭ ᠰᠤᠷᠭᠠᠯ ᠢ᠋ ᠦᠯᠡᠮᠵᠢ ᠪᠠᠳᠠᠷᠠᠭᠤᠯᠵᠤ ᠬᠡᠪ ᠳᠠᠷᠤᠮᠠᠯ ᠢ᠋ ᠣᠨᠴᠠᠭᠠᠢ ᠳᠡᠯᠭᠡᠷᠡᠩᠭᠦᠢ ᠪᠣᠯᠭᠠᠬᠤ ᠶ᠋ᠢᠨ ᠵᠦᠭ ᠬᠦᠴᠦᠯᠡᠨ ᠣᠷᠣᠯᠳᠣᠬᠤ ᠠᠨᠤ ᠠᠯᠢ ᠠ᠋ᠴᠠ ᠴᠤ᠌ ᠡᠷᠬᠢᠮ ᠴᠢᠬᠤᠯᠠ ᠬᠦᠨᠳᠦ ᠠᠵᠢᠯ ᠪᠣᠯᠤᠮᠤᠢ᠃
ᠢᠷᠡᠯᠲᠡ ᠄《 ᠬᠡᠯᠡ ᠪᠢᠴᠢᠭ》1990 ᠣᠨ
ᠦᠰᠦᠭ ᠠᠮᠢᠯᠠᠭᠤᠯᠤᠭᠰᠠᠨ ᠨᠢ᠄ ᠭᠠᠸᠠ
ᠬᠢᠨᠠᠭᠴᠢ᠄ ᠲᠤᠭᠴᠢ ᠰᠠᠷᠠᠨ᠎ᠠ
