ᠬᠠᠴᠢᠷᠬᠠᠯ - ᠱ ᠂ ᠭᠦᠷᠦᠪᠠᠽᠠᠷ Хачирхал – Ш᠂ Гүрбазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠴᠢᠷᠬᠠᠯ - ᠱ ᠂ ᠭᠦᠷᠦᠪᠠᠽᠠᠷ Хачирхал – Ш᠂ Гүрбазар

ᠬᠠᠴᠢᠷᠬᠠᠯ - ᠱ ᠂ ᠭᠦᠷᠦᠪᠠᠽᠠᠷ Хачирхал – Ш᠂ Гүрбазар

2024-12-01

559

ᠬᠠᠴᠢᠷᠬᠠᠯ

  
          ᠱ᠂ ᠭᠦᠷᠦᠪᠠᠽᠠᠷ 

 ᠰᠣᠭᠲᠣᠭᠤ ᠯᠠ ᠶᠠᠪᠤᠭ᠎ᠠ ᠦᠭᠡᠢ ᠶᠤᠮᠰᠠᠨ 
 ᠰᠢᠪᠡᠨᠡᠭᠰᠡᠨ ᠦᠭᠡ ᠶ᠋ᠢ ᠨᠢ ᠮᠠᠷᠲᠠᠴᠢᠬᠠᠵᠠᠢ 
 ᠰᠠᠨᠠᠭᠰᠠᠨ ᠴᠤ᠌ ᠭᠡᠯ᠎ᠡ ᠤᠤ᠂ ᠮᠠᠷᠲᠠᠭᠰᠠᠨ ᠴᠤ᠌ ᠭᠡᠯ᠎ᠡ ᠤᠤ 
 ᠰᠠᠨᠠᠭᠠᠨ ᠳ᠋ᠤ᠌ ᠨᠢᠭᠡ ᠯᠡ ᠳᠠᠮ ᠳᠦᠮ 

 ᠳᠤᠲᠠᠭᠤ ᠯᠠ ᠰᠣᠨᠣᠰᠤᠭ᠎ᠠ ᠦᠭᠡᠢ ᠶᠤᠮᠰᠠᠨ 
 ᠳᠣᠲᠣᠨᠣᠰᠢᠵᠤ ᠬᠡᠯᠡᠭᠰᠡᠨ ᠢ᠋ ᠨᠢ ᠭᠡᠭᠡᠴᠢᠬᠡᠵᠡᠢ 
 ᠪᠣᠳᠣᠳᠠᠭ ᠴᠤ᠌ ᠭᠡᠯ᠎ᠡ ᠤᠤ᠂ ᠦᠭᠡᠢ ᠴᠤ᠌ ᠭᠡᠯ᠎ᠡ ᠤᠤ 
 ᠪᠣᠳᠣᠯ ᠳ᠋ᠤ᠌ ᠨᠢᠭᠡ ᠯᠡ ᠪᠦᠳᠡᠭᠢ ᠪᠡᠲᠡᠭᠢ᠁ ᠭᠡᠵᠦ  

 ᠠᠭᠤᠯᠵᠠᠭᠰᠠᠨ ᠪᠦᠰᠡᠭᠦᠢ ᠶ᠋ᠢᠨ ᠢ᠋ᠶ᠋ᠡᠨ ᠲᠤᠬᠠᠢ ᠲᠡᠷᠡ 
 ᠤᠴᠢᠷ ᠦᠭᠡᠢ ᠨᠢᠭᠡ ᠬᠦᠢᠲᠡᠨ ᠰᠠᠢᠷᠬᠠᠪᠠ 
 ᠵᠢᠷᠦᠬᠡᠨ ᠣᠢᠷ᠎ᠠ ᠲᠠᠨᠢᠯᠴᠠᠭᠰᠠᠨ ᠰᠠᠨ ᠪᠣᠯ 
 ᠵᠡᠭᠦᠳᠦᠨ ᠴᠠᠭᠠᠨ᠎ᠠ ᠴᠢᠨᠢ ᠴᠤ᠌ ᠰᠠᠨᠠᠭᠳᠠᠨ᠎ᠠ ᠯᠠ ᠳᠠ᠃  

      ᠦᠰᠦᠭ ᠠᠮᠢᠯᠠᠭᠤᠯᠤᠭᠴᠢ᠄ ᠡᠩᠬᠡᠪᠠᠲᠤ 
         ᠦᠰᠦᠭ ᠬᠢᠨᠠᠭᠴᠢ᠄ ᠪᠠᠶᠠᠷᠴᠡᠴᠡᠭ