ᠬᠠᠨ ᠪᠠᠶᠠᠨᠵᠢᠷᠦᠬᠡ ᠬᠠᠢᠷᠬᠠᠨ ᠮᠢᠨᠢ - ᠱ ᠂ ᠭᠦᠷᠦᠪᠠᠽᠠᠷ Хан баянзүрх хайрхан минь – Ш᠂ Гүрбазар
ᠬᠠᠨ ᠪᠠᠶᠠᠨᠵᠢᠷᠦᠬᠡ ᠬᠠᠢᠷᠬᠠᠨ ᠮᠢᠨᠢ
ᠱ ᠂ ᠭᠦᠷᠦᠪᠠᠽᠠᠷ
ᠬᠤᠲᠤᠭᠲᠤ ᠶ᠋ᠢᠨ ᠪᠡᠶ᠎ᠡ ᠳ᠋ᠦ᠍ ᠡᠭᠡᠨ ᠦᠯᠦ ᠣᠷᠣᠰᠢᠵᠤ
ᠬᠦᠰᠡᠯ ᠢ᠋ ᠭᠦᠢᠴᠡᠭᠡᠭᠴᠢ ᠠᠮᠤᠭᠤᠯᠠᠩ ᠤ᠋ᠨ ᠣᠷᠣᠨ ᠢ᠋ ᠲᠣᠬᠢᠶᠠᠭᠰᠠᠨ
ᠵᠠᠮᠢᠶᠠᠨᠳᠠᠨᠽᠠᠠ ᠭᠡᠭᠡᠨᠲᠠᠨ ᠤ᠋
ᠵᠠᠩᠴᠢ ᠰᠡᠯᠲᠡ ᠳ᠋ᠦ᠍ ᠠᠳᠢᠰᠯᠠᠮᠤ
ᠤᠷᠠᠱ᠌ᠢ ᠲᠣᠳᠤᠭᠤᠯᠠᠭᠰᠠᠨ
ᠠᠭᠤᠯᠠ ᠶᠡᠬᠡ ᠬᠠᠢᠷᠬᠠᠨ ᠤ᠋ ᠪᠠᠨ
ᠬᠦᠷᠡᠩ ᠪᠠᠯ ᠳ᠋ᠤ᠌ ᠲᠠᠨᠢ
ᠬᠦᠰᠡᠯ ᠢ᠋ᠶ᠋ᠡᠨ ᠳᠠᠭᠠᠳᠬᠠᠶ᠎ᠠ
ᠬᠦᠴᠦ ᠶ᠋ᠢ ᠣᠯᠵᠤ
ᠬᠥᠮᠦᠨ ᠢ᠋ ᠡᠨᠡᠷᠢᠶᠡ
ᠠᠰᠠᠷᠠᠬᠤᠢ ᠪᠤᠷᠬᠠᠨ ᠤ᠋ ᠡᠷᠢᠨ ᠦ᠌
ᠠᠢᠰᠤᠢ ᠪᠤᠶᠠᠨ ᠳ᠋ᠤ᠌ ᠰᠦᠰᠦᠭᠯᠡᠵᠦ
ᠬᠤᠲᠤᠭᠲᠤ ᠶ᠋ᠢᠨ ᠲᠠᠪᠤᠨ ᠲᠩᠷᠢ ᠳ᠋ᠡᠭᠡᠨ
ᠬᠤᠪᠢ ᠵᠠᠶᠠᠭ᠎ᠠ ᠪᠠᠨ ᠳᠠᠭᠠᠳᠬᠠᠮᠤ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
