ᠬᠡᠦᠬᠡᠳ ᠦ᠋ᠨ ᠢᠨᠢᠶᠡᠳᠦᠨ ᠳᠦ ᠬᠥᠬᠡ ᠲᠡᠭᠷᠢ ᠴᠡᠯᠮᠡᠳᠡᠭ – ᠵᠣᠬᠢᠶᠠᠭᠴᠢ ᠄ ᠲᠦᠷᠪᠡᠳ ᠂ ᠡᠷᠳᠡᠨᠢᠪᠠᠶᠠᠷ᠂ ᠤᠶᠠᠩᠭᠠᠯᠠᠭᠴᠢ᠄ ᠰᠠᠴᠤᠷᠠᠯᠲᠤ Хүүхдийн инээдэнд хөх тэгэр цэлмэдэг – Зохиогч ᠄ Дөрвөд ᠂ Эрдэнэбаяр ᠂ Уянгалагч᠄ Цацралт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠦ᠋ᠨ ᠢᠨᠢᠶᠡᠳᠦᠨ ᠳᠦ ᠬᠥᠬᠡ ᠲᠡᠭᠷᠢ ᠴᠡᠯᠮᠡᠳᠡᠭ – ᠵᠣᠬᠢᠶᠠᠭᠴᠢ ᠄ ᠲᠦᠷᠪᠡᠳ ᠂ ᠡᠷᠳᠡᠨᠢᠪᠠᠶᠠᠷ᠂ ᠤᠶᠠᠩᠭᠠᠯᠠᠭᠴᠢ᠄ ᠰᠠᠴᠤᠷᠠᠯᠲᠤ Хүүхдийн инээдэнд хөх тэгэр цэлмэдэг – Зохиогч ᠄ Дөрвөд ᠂ Эрдэнэбаяр ᠂ Уянгалагч᠄ Цацралт

ᠬᠡᠦᠬᠡᠳ ᠦ᠋ᠨ ᠢᠨᠢᠶᠡᠳᠦᠨ ᠳᠦ ᠬᠥᠬᠡ ᠲᠡᠭᠷᠢ ᠴᠡᠯᠮᠡᠳᠡᠭ – ᠵᠣᠬᠢᠶᠠᠭᠴᠢ ᠄ ᠲᠦᠷᠪᠡᠳ ᠂ ᠡᠷᠳᠡᠨᠢᠪᠠᠶᠠᠷ᠂ ᠤᠶᠠᠩᠭᠠᠯᠠᠭᠴᠢ᠄ ᠰᠠᠴᠤᠷᠠᠯᠲᠤ Хүүхдийн инээдэнд хөх тэгэр цэлмэдэг – Зохиогч ᠄ Дөрвөд ᠂ Эрдэнэбаяр ᠂ Уянгалагч᠄ Цацралт

2024-11-28

1048

ᠬᠡᠦᠬᠡᠳ ᠦ᠋ᠨ ᠢᠨᠢᠶᠡᠳᠦᠨ ᠳᠦ ᠬᠥᠬᠡ ᠲᠡᠭᠷᠢ ᠴᠡᠯᠮᠡᠳᠡᠭ


              ᠵᠣᠬᠢᠶᠠᠭᠴᠢ᠄  ᠳᠥᠷᠪᠡᠳ᠂ ᠡᠷᠳᠡᠨᠢᠪᠠᠶᠠᠷ 
               ᠤᠶᠠᠩᠭᠠᠯᠠᠭᠴᠢ᠄ ᠰᠠᠴᠤᠷᠠᠯᠲᠤ  

 ᠬᠡᠦᠬᠡᠳ ᠦ᠋ᠨ ᠢᠨᠢᠶᠡᠳᠦᠨ ᠳ᠋ᠦ᠍  ᠬᠥᠬᠡ ᠲᠡᠭᠷᠢ ᠴᠡᠯᠮᠡᠳᠡᠡᠭ ᠶᠤᠮ 
 ᠬᠡᠦᠬᠡᠳ ᠦ᠋ᠨ ᠢᠨᠢᠶᠡᠳᠦᠨ ᠳ᠋ᠦ᠍ ᠬᠦᠵᠢ ᠳᠡᠯᠡᠬᠡᠢ ᠥᠩᠰᠢᠳᠡᠭ ᠶᠤᠮ  
 ᠬᠡᠦᠬᠡᠳ ᠦ᠋ᠨ ᠢᠨᠢᠶᠡᠳᠦᠨ ᠳ᠋ᠦ᠍ ᠬᠥᠮᠦᠨ ᠦ᠌ ᠬᠡᠢᠮᠣᠷᠢ ᠰᠡᠷᠭᠦᠳᠡᠭ ᠶᠤᠮ 
 ᠬᠡᠦᠬᠡᠳ ᠦ᠋ᠨ ᠢᠨᠢᠶᠡᠳᠦᠨ ᠳ᠋ᠦ᠍ ᠬᠥᠮᠦᠨ ᠦ᠌ ᠪᠤᠶᠠᠨ ᠳᠡᠯᠭᠡᠷᠡᠳᠡᠭ ᠶᠤᠮ ᠠ᠋  

 ᠬᠡᠦᠬᠡᠳ ᠦ᠋ᠨ ᠢᠨᠢᠶᠡᠳᠦ ᠪᠣᠯ ᠬᠣᠷᠸ᠎ᠠ ᠶ᠋ᠢᠨ ᠬᠠᠮᠤᠭ ᠤ᠋ᠨ ᠰᠠᠢᠬᠠᠨ ᠴᠡᠴᠡᠭ 
 ᠬᠡᠦᠬᠡᠳ ᠦ᠋ᠨ ᠢᠨᠢᠶᠡᠳᠦ ᠪᠣᠯ ᠬᠣᠷᠸ᠎ᠠ ᠶ᠋ᠢᠨ ᠬᠠᠮᠤᠭ ᠠ᠋ᠴᠠ ᠰᠠᠢᠬᠠᠨ ᠠᠶᠠᠯᠭᠤ  
 ᠬᠡᠦᠬᠡᠳ ᠦ᠋ᠨ ᠢᠨᠢᠶᠡᠳᠦ ᠪᠣᠯ ᠬᠥᠮᠦᠨ ᠦ᠌ ᠬᠦᠷᠲᠡᠭᠰᠡᠨ ᠬᠠᠮᠤᠭ ᠤ᠋ᠨ ᠶᠡᠬᠡ ᠪᠤᠶᠠᠨ 
 ᠬᠡᠦᠬᠡᠳ ᠦ᠋ᠨ ᠢᠨᠢᠶᠡᠳᠦ ᠪᠣᠯ ᠪᠤᠷᠬᠠᠨ ᠤ᠋ ᠪᠡᠯᠡᠭᠯᠡᠭᠰᠡᠨ ᠬᠠᠮᠤᠭ ᠶᠡᠬᠡ ᠠᠵᠠ 
 
 ᠲᠤᠩᠭᠠᠯᠠᠭ ᠴᠡᠯᠮᠡᠭ ᠠᠭᠠᠷ ᠲᠤ᠌ ᠬᠡᠦᠬᠡᠳ ᠦ᠋ᠳ ᠱᠤᠮᠪᠠᠨ ᠲᠣᠭᠯᠠᠨ᠎ᠠ 
 ᠲᠣᠳᠣ ᠶ᠋ᠢᠨ ᠲᠣᠳᠣ ᠢᠨᠢᠶᠡᠳᠦᠨ ᠳ᠋ᠦ᠍ ᠨᠢ ᠰᠠᠨᠰᠠᠷ ᠣᠭᠲᠠᠷᠭᠤᠢ ᠴᠡᠯᠮᠡᠨ᠎ᠡ  

 ᠬᠦᠷᠢᠶ᠎ᠡ ᠳᠦᠭᠦᠷᠡᠩ ᠬᠡᠦᠬᠡᠳ ᠦ᠋ᠨ ᠢᠨᠢᠶᠡᠳᠦ ᠴᠠᠯᠭᠢᠨ ᠴᠠᠯᠭᠢᠨ᠎ᠠ 
 ᠬᠦᠰᠡᠯ ᠳᠦᠭᠦᠷᠡᠩ ᠬᠡᠦᠬᠡᠳ ᠦ᠋ᠨ ᠢᠨᠢᠶᠡᠳᠦ ᠳᠡᠭᠦᠯᠢᠨ ᠳᠡᠭᠦᠯᠢᠨ᠎ᠡ  

 ᠭᠬᠢᠷ ᠦᠭᠡᠢ ᠴᠡᠪᠡᠷ ᠢᠨᠢᠶᠡᠳᠦᠨ ᠳ᠋ᠦ᠍ ᠨᠢ ᠰᠠᠯᠬᠢ ᠠᠮᠠᠷᠠᠨ᠎ᠠ 
 ᠬᠡ ᠥᠬᠡᠢ ᠠᠷᠢᠭᠤᠨ ᠳᠠᠭᠤᠨ ᠳ᠋ᠤ᠌ ᠨᠢ ᠰᠡᠳᠬᠢᠯ ᠵᠢᠷᠭᠠᠨ᠎ᠠ  

 ᠲᠣᠭᠯᠠᠵᠤ ᠪᠠᠢᠭ᠎ᠠ ᠬᠡᠦᠬᠡᠳ ᠰᠢᠭ ᠵᠢᠷᠭᠠᠯ ᠬᠠᠮᠢᠭ᠎ᠠ ᠪᠠᠢᠬᠤᠪ 
 ᠲᠣᠭᠯᠠᠵᠤ ᠪᠠᠢᠭ᠎ᠠ ᠶ᠋ᠢ ᠨᠢ ᠬᠠᠷᠠᠬᠤ ᠰᠢᠭ᠋ ᠵᠢᠷᠭᠠᠯ ᠬᠠᠮᠢᠭ᠎ᠠ ᠪᠠᠢᠬᠤᠪ 
 
 ᠴᠠᠯᠭᠢᠵᠤ ᠪᠠᠢᠭ᠎ᠠ ᠷᠠᠰᠢᠶᠠᠨ ᠭᠡᠳᠡᠭ ᠬᠡᠦᠬᠡᠳ ᠦ᠋ᠨ ᠢᠨᠢᠶᠡᠳᠦ  
 ᠴᠠᠬᠢᠯᠠᠵᠤ ᠪᠠᠢᠭ᠎ᠠ ᠬᠤᠷᠳᠤ ᠭᠡᠳᠡᠭ ᠬᠡᠦᠬᠡᠳ ᠦ᠋ᠨ ᠭᠦᠶᠦᠳᠡᠯ  

 ᠨᠠᠷᠠ ᠨᠢᠳᠦᠨ ᠳ᠋ᠦ᠍ ᠨᠢ ᠬᠡᠷᠡᠯᠳᠦᠭᠡᠳ ᠳᠤᠸᠠᠯᠠᠵᠤ ᠪᠠᠢᠨ᠎ᠠ 
 ᠨᠠᠰᠤ ᠰᠢᠲᠦᠨ ᠳ᠋ᠦ᠍ ᠨᠢ ᠬᠡᠷᠡᠯᠳᠦᠭᠡᠳ ᠴᠠᠢᠯᠵᠠᠵᠤ ᠪᠠᠢᠨ᠎ᠠ  

 ᠬᠡᠨ ᠨᠢᠭᠡᠨ ᠢ᠋ᠶ᠋ᠡᠨ ᠴᠢᠨᠡᠭᠡ ᠮᠡᠳᠡᠨ ᠳᠠᠭᠤᠳᠠᠵᠤ ᠪᠠᠢᠨ᠎ᠠ 
 ᠬᠡᠨ ᠨᠢᠭᠡᠨ ᠲᠡᠢ ᠪᠡᠨ ᠬᠥᠲᠥᠯᠦᠯᠴᠡᠭᠡᠳ ᠢᠨᠢᠶᠡᠵᠦ ᠪᠠᠢᠨ᠎ᠠ  

 ᠰᠤᠷᠭᠠᠭᠤᠯᠢ ᠭᠡᠳᠡᠭ ᠢᠨᠢᠶᠡᠳᠦ ᠴᠠᠯᠭᠢᠭᠰᠠᠨ ᠨᠠᠭᠤᠷ ᠪᠠᠢᠨ᠎ᠠ 
 ᠰᠤᠷᠭᠠᠭᠤᠯᠢ ᠭᠡᠳᠡᠭ ᠬᠦᠰᠡᠯ ᠳᠡᠪᠳᠡᠷᠢᠭᠰᠡᠨ ᠵᠢᠭᠦᠷ ᠪᠠᠢᠨ᠎ᠠ  

 ᠬᠦᠷᠢᠶ᠎ᠡ ᠳᠦᠭᠦᠷᠡᠩ ᠬᠡᠦᠬᠡᠳ ᠲᠡᠢ᠂ ᠨᠠᠷᠠ ᠲᠣᠭᠯᠠᠵᠤ ᠪᠠᠢᠨ᠎ᠠ 
 ᠬᠥᠭᠡᠷᠦᠭᠰᠡᠨ ᠨᠠᠷᠠ ᠶᠠᠪᠤᠬᠤ ᠪᠠᠨ ᠮᠠᠷᠲᠠᠨ ᠲᠣᠭᠯᠠᠵᠤ ᠪᠠᠢᠨ᠎ᠠ  

 ᠮᠣᠳᠣᠳ ᠢᠨᠢᠶᠡᠳᠦᠨ ᠳ᠋ᠦ᠍ ᠨᠢ ᠨᠠᠢᠭᠤᠨ ᠪᠥᠵᠢᠭᠯᠡᠵᠦ ᠪᠠᠢᠨ᠎ᠠ 
 ᠮᠣᠩᠭᠣᠯ ᠦᠭᠡ ᠬᠡᠦᠬᠡᠳ ᠡᠴᠡ ᠭᠡᠷᠡᠯᠲᠦᠨ ᠤᠷᠭᠤᠵᠤ ᠪᠠᠢᠨ᠎ᠠ  

 ᠨᠢᠭᠤᠴᠠ ᠲᠣᠪᠴᠢᠶᠠᠨ ᠤ᠋ ᠠᠯᠲᠠᠨ ᠬᠠᠭᠤᠳᠠᠰᠤ ᠰᠡᠬᠦᠭᠳᠡᠵᠦ ᠪᠠᠢᠨ᠎ᠠ 
 ᠨᠢᠭᠤᠭᠳᠠᠭᠰᠠᠨ ᠨᠢᠭᠡᠨ ᠢ᠋ᠶ᠋ᠡᠨ ᠣᠯᠵᠤ ᠠᠪᠤᠭᠠᠳ ᠪᠠᠶᠠᠷᠯᠠᠵᠤ ᠪᠠᠢᠨ᠎ᠠ 
 
 ᠬᠡᠦᠬᠡᠳ ᠦ᠋ᠨ ᠬᠥᠬᠡ ᠢᠨᠢᠶᠡᠳᠦ ᠶ᠋ᠢ ᠴᠢᠩᠨᠠᠨ ᠰᠠᠭᠤᠬᠤ ᠰᠠᠢᠬᠠᠨ 
 ᠬᠥᠮᠦᠨ ᠦ᠌ ᠢᠷᠡᠭᠡᠳᠦᠢ ᠶ᠋ᠢ ᠬᠠᠷᠠᠭᠠᠳ ᠪᠡᠶᠡᠰᠦᠨ ᠰᠠᠭᠤᠬᠤ ᠰᠠᠢᠬᠠᠨ  

 ᠣᠷᠴᠢᠯᠠᠩ ᠪᠦᠲᠦᠭᠡᠬᠦ ᠣᠶᠤᠨ ᠪᠢᠯᠢᠭ ᠲᠡᠳᠡᠨ ᠦ᠌ ᠨᠢᠳᠦᠨ ᠳ᠋ᠦ᠍ ᠪᠣᠢ 
 ᠣᠳᠣ ᠲᠠᠢ ᠶᠠᠷᠢᠬᠤ ᠤᠬᠠᠭᠠᠨ ᠰᠠᠨᠠᠭ᠎ᠠ ᠲᠡᠳᠡᠨ ᠦ᠌ ᠲᠠᠷᠢᠬᠢᠨ ᠳ᠋ᠤ᠌ ᠪᠣᠢ  

 ᠬᠡᠦᠬᠡᠳ ᠦ᠋ᠨ ᠣᠶᠤᠨ ᠰᠢᠭ᠋ ᠴᠡᠪᠡᠷ ᠲᠤᠩᠭᠠᠯᠠᠭ ᠶᠠᠭᠤ ᠪᠠᠢᠬᠤ ᠪᠣᠢ 
 ᠬᠡᠦᠬᠡᠳ ᠦ᠋ᠨ ᠪᠢᠯᠢᠭ ᠰᠢᠭ ᠬᠤᠷᠴᠠ ᠲᠦᠷᠭᠡᠨ ᠶᠠᠭᠤ ᠪᠠᠢᠬᠤ ᠪᠣᠢ  

 ᠬᠡᠦᠬᠡᠳ ᠢᠨᠢᠶᠡᠬᠦ ᠳ᠋ᠦ᠍ ᠠᠭᠤᠯᠠᠰ ᠢᠨᠢᠶᠡᠨ᠎ᠡ᠂ ᠢᠨᠢᠶᠡᠭᠡᠷᠡᠢ ᠲᠠ ᠨᠠᠷ 
 ᠬᠡᠦᠬᠡᠳ ᠢᠨᠢᠶᠡᠬᠦ ᠳ᠋ᠦ᠍ ᠡᠭᠦᠯᠡᠰ ᠢᠨᠢᠶᠡᠨ᠎ᠡ᠂ ᠢᠨᠢᠶᠡᠭᠡᠷᠡᠢ ᠲᠠ ᠨᠠᠷ  

 ᠬᠡᠦᠬᠡᠳ ᠦ᠋ᠨ ᠢᠨᠢᠶᠡᠳᠦ ᠴᠠᠯᠭᠢᠰ ᠴᠠᠯᠭᠢᠰ᠂ ᠰᠠᠴᠤᠯᠠᠨ ᠪᠠᠢᠨ᠎ᠠ 
 ᠬᠡᠦᠬᠡᠳ ᠦ᠋ᠨ ᠢᠨᠢᠶᠡᠳᠦ ᠳᠤᠯᠠᠰ ᠳᠤᠯᠠᠰ᠂ ᠰᠠᠴᠤᠷᠠᠨ ᠪᠠᠢᠨ᠎ᠠ  

 ᠨᠡᠮᠡᠭᠳᠡᠵᠦ ᠪᠠᠢᠭ᠎ᠠ ᠣᠶᠤᠨ ᠤᠬᠠᠭᠠᠨ ᠬᠡᠦᠬᠡᠳ ᠦ᠋ᠨ ᠢᠨᠢᠶᠡᠳᠦ 
 ᠨᠢᠰᠴᠦ ᠪᠠᠢᠭ᠎ᠠ ᠣᠶᠤᠨ ᠤᠬᠠᠭᠠᠨ ᠬᠡᠦᠬᠡᠳ ᠦ᠋ᠨ ᠢᠨᠢᠶᠡᠳᠦ  

 ᠤᠰᠤ ᠭᠣᠣᠯ ᠢᠨᠢᠶᠡᠵᠦ ᠪᠠᠢᠨ᠎ᠠ ᠬᠡᠦᠬᠡᠳ ᠮᠡᠲᠦ᠂ ᠪᠠᠬᠠᠳᠤᠯ ᠲᠠᠢ 
 ᠠᠭᠤᠯᠠ ᠲᠤᠯᠤᠭᠠᠳ ᠢᠨᠢᠶᠡᠵᠦ ᠪᠠᠢᠨ᠎ᠠ ᠬᠡᠦᠬᠡᠳ ᠮᠡᠲᠦ᠂ ᠵᠢᠷᠭᠠᠯ ᠲᠠᠢ  

 ᠬᠡᠦᠬᠡᠳ ᠦ᠋ᠨ ᠢᠨᠢᠶᠡᠳᠦ ᠬᠥᠮᠦᠨ ᠪᠢᠳᠡᠨ ᠦ᠌ ᠤᠷᠤᠭᠰᠢᠯᠠᠯᠲᠠ ᠶ᠋ᠢᠨ ᠳᠠᠭᠤᠤ 
 ᠬᠡᠦᠬᠡᠳ ᠦ᠋ᠨ ᠢᠨᠢᠶᠡᠳᠦ ᠬᠥᠷᠥᠰᠥᠲᠦ ᠳᠡᠯᠡᠬᠡᠢ ᠶ᠋ᠢᠨ ᠡᠩᠬᠡ ᠶ᠋ᠢᠨ ᠳᠠᠭᠤᠤ  

 ᠬᠡᠦᠬᠡᠳ ᠦ᠋ᠳ ᠮᠢᠨᠢ  ᠠ᠋᠂ ᠢᠨᠢᠶᠡ ᠢᠨᠢᠶᠡ᠂ ᠢᠨᠢᠶᠡᠯᠳᠦᠨ ᠲᠣᠭᠯᠠ 
 ᠬᠥᠷᠥᠰᠥᠲᠦ ᠳᠡᠯᠡᠬᠡᠢ ᠮᠢᠨᠢ ᠢᠨᠢᠶᠡ ᠢᠨᠢᠶᠡ᠂ ᠢᠨᠢᠶᠡᠯᠳᠦᠨ ᠮᠥᠩᠬᠡᠷᠡ 

             2024,8,23  

      ᠦᠰᠦᠭ ᠠᠮᠢᠯᠠᠭᠤᠯᠤᠭᠰᠠᠨ ᠨᠢ ᠄ ᠮᠥᠴᠢᠷ  
        ᠦᠰᠦᠭ ᠬᠠᠲᠠᠭᠰᠠᠨ ᠨᠢ ᠄ ᠭᠠᠸᠠ 
        ᠦᠰᠦᠭ ᠬᠢᠨᠠᠭᠴᠢ ᠄ ᠮᠥᠴᠢᠷ ᠂ ᠲᠤᠭᠴᠢ ᠰᠠᠷᠠᠨ᠎ᠠ 
        ᠵᠣᠬᠢᠶᠠᠭᠴᠢ ᠶ᠋ᠢᠨ ᠬᠠᠶᠢᠭ᠄  ᠳᠥᠷᠪᠡᠳ᠂ ᠡᠷᠳᠡᠨᠢᠪᠠᠶᠠᠷ
            ᠤᠯᠠᠭᠠᠨᠬᠠᠳᠠ ᠬᠣᠲᠠ ᠶ᠋ᠢᠨ ᠠᠷᠤ ᠬᠣᠷᠴᠢᠨ ᠬᠤᠰᠢᠭᠤᠨ ᠤ᠋ ᠴᠢᠪᠠᠭ᠎ᠠ ᠶ᠋ᠢᠨ ᠬᠣᠶᠠᠳᠤᠭᠠᠷ ᠳᠤᠮᠳᠠᠳᠤ ᠰᠤᠷᠭᠠᠭᠤᠯᠢ