ᠥᠭᠡᠳᠡ ᠪᠡᠨ ᠵᠠᠶᠠᠭᠠᠲᠠᠢ ᠤᠳᠤᠮᠲᠤ ᠮᠣᠩᠭᠣᠯÖödöö zayaatai udamt MongolӨөдөө заяатай удамт Монгол ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠭᠡᠳᠡ ᠪᠡᠨ ᠵᠠᠶᠠᠭᠠᠲᠠᠢ ᠤᠳᠤᠮᠲᠤ ᠮᠣᠩᠭᠣᠯÖödöö zayaatai udamt MongolӨөдөө заяатай удамт Монгол

ᠥᠭᠡᠳᠡ ᠪᠡᠨ ᠵᠠᠶᠠᠭᠠᠲᠠᠢ ᠤᠳᠤᠮᠲᠤ ᠮᠣᠩᠭᠣᠯÖödöö zayaatai udamt MongolӨөдөө заяатай удамт Монгол

ᠠᠩᠭᠢᠯᠠᠯ:ᠳᠠᠭᠤᠤ ᠬᠥᠭᠵᠢᠮ
2022-07-24

4533

ᠥᠭᠡᠳᠡ ᠪᠡᠨ ᠵᠠᠶᠠᠭᠠᠲᠠᠢ ᠤᠳᠤᠮᠲᠤ ᠮᠣᠩᠭᠣᠯ


   ᠲᠤᠯᠭᠠᠲᠠᠨ ᠬᠠᠮᠲᠤᠯᠢᠭ 
   ᠦᠭᠡ ᠄ ᠰ ᠣᠳᠬᠣᠨ 
   ᠠᠶ᠎ᠠ ᠄ ᠥᠷᠭᠡᠨ 

ᠬᠠᠭᠠᠨ ᠰᠠᠭᠠᠲᠠᠭᠰᠠᠨ ᠨᠤᠲᠤᠭ ᠤ᠋ᠨ 
ᠬᠠᠯᠠᠭᠤᠨ ᠰᠢᠷᠣᠢ ᠨᠢ ᠵᠥᠭᠡᠯᠡᠨ ᠪᠣᠯᠬᠣᠷ 
ᠬᠠᠲᠤᠨ ᠡᠭᠡᠰᠢᠭᠯᠡᠩᠲᠦ ᠮᠣᠩᠭᠣᠯ ᠣᠷᠣᠨ ᠤ᠋ ᠮᠢᠨᠢ 
ᠰᠠᠯᠬᠢ ᠨᠢ ᠤᠶᠠᠬᠠᠨ ᠪᠠᠢᠯᠭᠦᠢ 
ᠥᠭᠡᠳᠡ ᠪᠡᠨ ᠵᠠᠶᠠᠭᠠᠲᠠᠢ 
ᠤᠳᠤᠮᠲᠤ ᠮᠣᠩᠭᠣᠯ 
ᠤᠨᠲᠠᠷᠠᠵᠤ ᠪᠣᠯᠣᠰᠢ ᠦᠭᠡᠢ 
ᠮᠥᠩᠬᠡ ᠶ᠋ᠢᠨ ᠮᠣᠩᠭᠣᠯ 

ᠠᠳᠤᠭᠤ ᠬᠣᠨᠣᠭᠰᠠᠨ ᠲᠠᠯ᠎ᠠ ᠶ᠋ᠢᠨ
ᠦᠯᠢᠶᠡᠬᠦ ᠵᠢᠪᠠᠷ ᠨᠢ ᠪᠦᠯᠢᠶᠡᠨ ᠪᠣᠯᠬᠣᠷ
ᠠᠷᠠᠳ ᠤ᠋ᠨ ᠳᠠᠭᠤᠤ ᠲᠠᠢ ᠮᠣᠩᠭᠣᠯ ᠣᠷᠣᠨ ᠤ᠋ ᠮᠢᠨᠢ
ᠴᠢᠯᠠᠭᠤ ᠨᠢ ᠠᠮᠢᠲᠠᠢ ᠪᠠᠢᠯᠭᠦᠢ
ᠥᠭᠡᠳᠡ ᠪᠡᠨ ᠵᠠᠶᠠᠭᠠᠲᠠᠢ
ᠤᠳᠤᠮᠲᠤ ᠮᠣᠩᠭᠣᠯ
ᠤᠨᠲᠠᠷᠠᠵᠤ ᠪᠣᠯᠣᠰᠢ ᠦᠭᠡᠢ
ᠮᠥᠩᠬᠡ ᠶ᠋ᠢᠨ ᠮᠣᠩᠭᠣᠯ

ᠠᠭᠢ ᠬᠠᠯᠢᠭᠤᠷᠠᠭᠰᠠᠨ ᠰᠢᠯᠢ ᠶ᠋ᠢᠨ
ᠠᠯᠠᠭ ᠴᠡᠴᠡᠭ ᠨᠢ ᠠᠩᠬᠢᠯᠤᠭᠤᠨ ᠪᠣᠯᠬᠣᠷ
ᠠᠶᠠᠯᠭᠤ ᠰᠢᠩᠭᠡᠭᠰᠡᠨ ᠮᠣᠩᠭᠣᠯ ᠣᠷᠣᠨ ᠤ᠋ ᠮᠢᠨᠢ
ᠠᠶᠠᠰ ᠨᠢ ᠢᠷᠠᠭᠤ ᠪᠠᠢᠯᠭᠦᠢ
ᠥᠭᠡᠳᠡ ᠪᠡᠨ ᠵᠠᠶᠠᠭᠠᠲᠠᠢ
ᠤᠳᠤᠮᠲᠤ ᠮᠣᠩᠭᠣᠯ
ᠤᠨᠲᠠᠷᠠᠵᠤ ᠪᠣᠯᠣᠰᠢ ᠦᠭᠡᠢ
ᠮᠥᠩᠬᠡ ᠶ᠋ᠢᠨ ᠮᠣᠩᠭᠣᠯ

Өөдөө заяатай удамт Монгол
   
Монгол ~ Тулгатан

Хаан саатсан нутгийн
Халуун шороо нь зөөлөн болохоор
Хатан эгшиглэнт Монгол орны минь
Салхи нь уяхан байлгүй
Өөдөө заяатай удамт Монгол
Унтарч болшгүй мөнхийн Монгол
Адуу хоносон талын
Үлээх жавар нь бүлээн болохоор
Ардын дуутай Монгол орны минь
Чулуу нь амьтай байлгүй
Өөдөө заяатай удамт Монгол
Унтарч болшгүй мөнхийн Монгол
Өөдөө заяатай удамт Монгол
Унтарч болшгүй мөнхийн Монгол
Агь халиурсан шилийн
Алаг цэцэг нь анхилуун болохоор
Аялга шингэсэн Монгол орны минь
Аяс нь яруу байлгүй
Өөдөө заяатай удамт Монгол
Унтарч болшгүй мөнхийн Монгол
Өөдөө заяатай удамт Монгол
Унтарч болшгүй мөнхийн Монгол