ᠮᠠᠷᠲᠠᠵᠤ ᠪᠣᠯᠬᠤ ᠦᠭᠡᠢ ᠬᠡᠯᠡ ᠮᠣᠩᠭᠣᠯ ᠬᠡᠯᠡ ᠡᠭᠦᠰᠦᠯ ᠣᠳᠣ ᠴᠠᠭ ᠦᠶ᠎ᠡМартаж болохгүй хэл Монгол хэл Үүсэл Одоо цаг үе ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠷᠲᠠᠵᠤ ᠪᠣᠯᠬᠤ ᠦᠭᠡᠢ ᠬᠡᠯᠡ ᠮᠣᠩᠭᠣᠯ ᠬᠡᠯᠡ ᠡᠭᠦᠰᠦᠯ ᠣᠳᠣ ᠴᠠᠭ ᠦᠶ᠎ᠡМартаж болохгүй хэл Монгол хэл Үүсэл Одоо цаг үе

ᠮᠠᠷᠲᠠᠵᠤ ᠪᠣᠯᠬᠤ ᠦᠭᠡᠢ ᠬᠡᠯᠡ ᠮᠣᠩᠭᠣᠯ ᠬᠡᠯᠡ ᠡᠭᠦᠰᠦᠯ ᠣᠳᠣ ᠴᠠᠭ ᠦᠶ᠎ᠡМартаж болохгүй хэл Монгол хэл Үүсэл Одоо цаг үе

2024-11-26

5021


       ᠰᠠᠢᠨ ᠪᠠᠢᠵᠠᠭᠠᠨ᠎ᠠ ᠤᠤ? 
       ᠲᠠ ᠪᠦᠬᠦᠨ ᠲᠡᠢ ᠪᠡᠨ ᠤᠳᠠᠭᠠᠨ ᠠᠭᠤᠯᠵᠠᠭᠰᠠᠨ ᠦᠭᠡᠢ᠂ ᠮᠢᠨᠦ ᠪᠡᠶ᠎ᠡ ᠲᠣᠳᠣᠷᠬᠠᠢ ᠰᠢᠯᠲᠠᠭᠠᠨ ᠤ᠋ ᠤᠯᠠᠮ ᠠ᠋ᠴᠠ ᠪᠢᠴᠢᠯᠭᠡ ᠬᠢᠭᠡ ᠦᠭᠡᠢ ᠨᠡᠯᠢᠶᠡᠳ ᠤᠳᠠᠯ᠎ᠠ᠃ ᠭᠡᠬᠦ ᠳ᠋ᠡᠭᠡᠨ ᠣᠳᠣ ᠠ᠋ᠴᠠ ᠡᠬᠢᠯᠡᠨ ᠮᠠᠰᠢ ᠴᠢᠨᠠᠷᠲᠠᠢ ᠰᠢᠨᠵᠢᠯᠡᠭᠡ ᠲᠡᠢ ᠣᠯᠠᠨ ᠲᠥᠷᠥᠯ ᠦ᠋ᠨ ᠡᠬᠢ ᠰᠤᠷᠪᠤᠯᠵᠢ ᠳᠡᠭᠡᠷ᠎ᠡ ᠲᠤᠯᠭᠠᠭᠤᠷᠢᠯᠠᠭᠰᠠᠨ᠂ ᠦᠵᠡᠵᠦ ᠬᠠᠷᠠᠬᠤ ᠶᠠᠭᠤᠮ᠎ᠠ ᠶᠡᠬᠡ ᠲᠡᠢ ᠺᠥᠨᠲᠸᠨᠲ ᠨᠦ᠍ᠭᠦᠳ ᠢ᠋ ᠲᠠᠰᠤᠷᠠᠯᠲᠠ ᠦᠭᠡᠢ ᠣᠷᠣᠭᠤᠯᠬᠤ ᠪᠣᠯᠤᠨ᠎ᠠ᠃ ᠲᠠ ᠪᠦᠬᠦᠨ ᠮᠠᠨ ᠤ᠋ ᠰᠤᠪᠠᠭ ᠢ᠋ ᠳᠠᠭᠠᠭᠠᠷᠠᠢ ! ᠮᠥᠨ ᠣᠳᠣ ᠠ᠋ᠴᠠ Mplus App ᠳᠡᠭᠡᠷ᠎ᠡ ᠪᠢᠳᠡᠨ ᠦ᠌ ᠪᠢᠴᠢᠯᠭᠡ ᠮᠠᠨᠢ ᠠᠦ᠋ᠲ᠋ᠣ᠋ ᠶ᠋ᠢᠨ ᠬᠡᠯᠪᠡᠷᠢ ᠪᠡᠷ ᠪᠠᠢᠷᠢᠰᠢᠵᠤ ᠶᠠᠪᠤᠬᠤ ᠪᠣᠯᠤᠨ᠎ᠠ᠃ ᠮᠠᠰᠢᠨ ᠳ᠋ᠠᠭᠠᠨ ᠶᠠᠪᠤᠵᠤ ᠪᠠᠢᠬᠤ ᠳ᠋ᠤ᠌ ᠴᠤ᠌ ᠶᠤᠮ ᠤᠤ ᠪᠢᠴᠢᠯᠭᠡ ᠦᠵᠡᠬᠦ ᠪᠣᠯᠤᠮᠵᠢ ᠦᠭᠡᠢ ᠦᠶ᠎ᠡ ᠳ᠋ᠡᠭᠡᠨ Mplus ᠵᠢᠨᠷ ᠵᠣᠴᠢᠯᠠᠭᠠᠷᠠᠢ ᠲᠠ ᠪᠦᠬᠦᠨ ᠮᠠᠨᠢ᠂ ᠢᠩᠭᠢᠭᠡᠳ ᠪᠢᠴᠢᠯᠭᠡ ᠳ᠋ᠡᠭᠡᠨ ᠣᠷᠣᠵᠠᠭᠠᠶ᠎ᠠ᠃  ᠴᠢᠬᠢᠨ ᠦ᠌ ᠴᠢᠮᠡᠭ ᠪᠣᠯᠤᠭᠰᠠᠨ ᠠᠶᠠᠯᠭᠤ ᠰᠠᠢᠬᠠᠨ ᠮᠣᠩᠭᠣᠯ ᠬᠡᠯᠡ ᠴᠢᠩ ᠵᠣᠷᠢᠭᠲᠤ ᠡᠪᠦᠭᠡ ᠳᠡᠭᠡᠳᠦᠰ ᠦ᠋ᠨ ᠮᠢᠨᠢ ᠥᠪ ᠶᠡᠬᠡ ᠡᠷᠳᠡᠨᠢ ᠰᠣᠨᠣᠰᠬᠤ ᠪᠦᠷᠢ ᠢᠷᠠᠭᠤ ᠪᠠᠶᠠᠯᠢᠭ ᠢ᠋ ᠭᠠᠢᠬᠠᠨ ᠪᠡᠶᠡᠰᠴᠦ ᠰᠣᠳᠣ ᠶᠡᠬᠡ ᠪᠢᠯᠢᠭᠲᠦ ᠲᠦᠮᠡᠨ ᠶᠤᠭᠡᠨ ᠪᠢᠰᠢᠷᠡᠨ ᠮᠠᠭᠲᠠᠮᠤ ᠪᠢ! 
       ᠮᠣᠩᠭᠣᠯ ᠬᠡᠯᠡ ᠪᠢᠴᠢᠭ ᠦ᠋ᠨ ᠶᠡᠬᠡ ᠬᠥᠮᠦᠨ ᠪᠢᠮᠪᠠ ᠶ᠋ᠢᠨ ᠷᠢᠨᠴᠢᠨ ᠦ᠌ ᠡᠢᠨᠬᠦ ᠰᠢᠯᠦᠭᠯᠡᠭᠰᠡᠨ ᠥᠰᠬᠦ ᠡᠴᠡ ᠰᠤᠷᠤᠭᠰᠠᠨ ᠪᠢᠳᠡᠨ ᠦ᠌ ᠡᠨᠡ ᠰᠠᠢᠬᠠᠨ ᠮᠣᠩᠭᠣᠯ ᠬᠡᠯᠡᠨ ᠦ᠌ ᠲᠠᠯ᠎ᠠ ᠪᠠᠷ ᠡᠨᠡᠬᠦ ᠪᠢᠴᠢᠯᠭᠡ ᠳ᠋ᠡᠭᠡᠨ ᠥᠭᠦᠯᠡᠬᠦ ᠪᠣᠯᠤᠨ᠎ᠠ᠃ ᠮᠣᠩᠭᠣᠯ ᠬᠡᠯᠡ ᠭᠡᠵᠦ ᠴᠣᠬᠣᠮ ᠶᠠᠮᠠᠷ ᠬᠡᠯᠡ  ᠶᠤᠮ ᠪᠣᠢ? ᠬᠠᠮᠢᠭ᠎ᠠ ᠠ᠋ᠴᠠ ᠡᠭᠦᠰᠦᠯ ᠲᠡᠢ᠂ ᠬᠡᠵᠢᠶᠡᠨ ᠡᠴᠡ ᠡᠬᠢᠯᠡᠯ ᠲᠡᠢ᠂ ᠶᠠᠮᠠᠷ ᠠᠷᠠᠳ ᠲᠦᠮᠡᠨ ᠴᠣᠬᠣᠮ ᠬᠦ᠌ ᠡᠨᠡ ᠬᠡᠯᠡ ᠪᠡᠷ ᠬᠣᠭᠣᠷᠣᠨᠳᠣ ᠪᠠᠨ ᠶᠠᠷᠢᠯᠴᠠᠵᠤ᠂ ᠶᠠᠮᠠᠷ ᠦᠯᠢᠭᠡᠷ ᠳᠣᠮᠣᠭ ᠡᠭᠦᠭᠡ ᠲᠡᠦᠬᠡ ᠶ᠋ᠢ ᠬᠣᠢᠴᠢ ᠦᠶ᠎ᠡ ᠳ᠋ᠡᠭᠡᠨ ᠦᠯᠡᠳᠡᠭᠡᠪᠡ? ᠲᠠᠯ᠎ᠠ ᠶ᠋ᠢᠨ ᠨᠡᠭᠦᠳᠡᠯᠴᠢᠨ ᠠᠷᠠᠳ ᠲᠦᠮᠡᠨ ᠪᠢᠳᠡ ᠭᠠᠭᠴᠠᠬᠦ ᠡᠨᠡ ᠬᠡᠯᠡ ᠪᠡᠷ ᠯᠠ ᠬᠣᠭᠣᠷᠣᠨᠳᠣ ᠪᠠᠨ ᠣᠢᠯᠠᠭᠠᠯᠴᠠᠵᠤ᠂ ᠡᠨᠡ ᠬᠡᠯᠡ ᠪᠡᠷ ᠯᠠ ᠦᠷ᠎ᠡ ᠬᠣᠢᠴᠢ ᠪᠠᠨ ᠬᠥᠮᠦᠵᠢᠭᠦᠯᠵᠦ ᠪᠠᠢᠨ᠎ᠠ᠃ ᠢᠩᠭᠢᠭᠡᠳ ᠬᠠᠮᠲᠤ ᠳ᠋ᠠᠭᠠᠨ ᠮᠣᠩᠭᠣᠯ ᠬᠡᠯᠡ ᠪᠡᠨ ᠰᠤᠳᠤᠯᠵᠠᠭᠠᠶ᠎ᠠ᠃  ᠡᠭᠦᠰᠦᠯ — ᠮᠣᠩᠭᠣᠯ ᠬᠡᠯᠡᠨ ᠦ᠌ ᠲᠠᠯ᠎ᠠ ᠪᠠᠷ ᠶᠠᠷᠢᠬᠤ ᠶ᠋ᠢᠨ ᠲᠤᠯᠠᠳᠠ ᠡᠬᠢᠯᠡᠭᠡᠳ ᠬᠡᠯᠡ ᠶᠠᠷᠢᠶ᠎ᠠ ᠭᠡᠳᠡᠭ ᠵᠦᠢᠯ ᠦ᠋ᠨ ᠲᠠᠯ᠎ᠠ ᠪᠠᠷ ᠣᠢᠯᠠᠭᠠᠬᠤ ᠬᠡᠷᠡᠭᠲᠡᠢ᠃ ᠬᠡᠯᠡ ᠶᠠᠷᠢᠶ᠎ᠠ ᠭᠡᠳᠡᠭ ᠭᠠᠢᠬᠠᠮᠰᠢᠭᠲᠠᠢ ᠵᠦᠢᠯ᠂ ᠬᠥᠮᠦᠰ ᠦᠭᠡ ᠠᠰᠢᠭᠯᠠᠨ ᠬᠣᠭᠣᠷᠣᠨᠳᠣ ᠪᠠᠨ ᠬᠠᠷᠢᠯᠴᠠᠵᠤ ᠡᠬᠢᠯᠡᠭᠰᠡᠨ ᠢ᠋ᠶ᠋ᠡᠷ ᠠᠪᠢᠶ᠎ᠠ ᠪᠠᠷ ᠯᠠ ᠣᠢᠯᠠᠭᠠᠯᠴᠠᠳᠠᠭ ᠪᠠᠢᠭᠰᠠᠨ᠂ ᠠᠮᠢᠲᠠᠳ ᠠ᠋ᠴᠠ ᠢᠯᠡᠳᠲᠡ ᠢᠯᠭᠠᠷᠠᠬᠤ ᠪᠣᠯᠵᠤ᠂ ᠢᠯᠡᠭᠦᠦ ᠣᠯᠠᠨ ᠤᠳᠬ᠎ᠠ ᠰᠠᠨᠠᠭ᠎ᠠ ᠶ᠋ᠢ ᠢᠯᠡᠷᠬᠡᠢᠯᠡᠬᠦ᠂ ᠮᠡᠳᠡᠭᠡᠯᠡᠯ ᠢ᠋ ᠢᠯᠡᠭᠦᠦ ᠲᠣᠳᠣᠷᠬᠠᠢ ᠣᠢᠯᠠᠭᠠᠮᠵᠢᠲᠠᠢ ᠪᠠᠢᠳᠠᠯ ᠢ᠋ᠶ᠋ᠠᠷ ᠪᠤᠰᠤᠳ ᠲᠤ᠌ ᠬᠦᠷᠭᠡᠬᠦ᠂ ᠪᠤᠰᠤᠳ ᠠ᠋ᠴᠠ ᠰᠤᠷᠤᠯᠴᠠᠬᠤ᠂ ᠪᠤᠰᠤᠳ ᠢ᠋ ᠰᠤᠷᠭᠠᠬᠤ ᠠᠰᠤᠷᠤ ᠳᠠᠪᠠᠭᠤ ᠲᠠᠯ᠎ᠠ ᠣᠯᠵᠤ ᠥᠭᠴᠡᠢ᠃ ᠬᠥᠮᠦᠨ ᠭᠡᠭᠴᠢ ᠪᠢᠣᠯᠣᠭᠢ ᠶ᠋ᠢᠨ ᠲᠥᠷᠥᠯ ᠵᠦᠢᠯ᠂ ᠡᠢᠨᠬᠦ ᠬᠡᠯᠡ ᠶᠠᠷᠢᠶ᠎ᠠ ᠪᠠᠨ ᠬᠥᠭᠵᠢᠭᠦᠯᠵᠦ ᠴᠢᠳᠠᠭᠰᠠᠨ ᠢ᠋ᠶ᠋ᠠᠷ ᠪᠦᠰᠡ ᠨᠤᠲᠤᠭ ᠤ᠋ᠨ ᠰᠢᠨᠵᠢ ᠲᠡᠢ ᠲᠤᠬᠠᠢ ᠶ᠋ᠢᠨ ᠣᠷᠴᠢᠨ ᠳ᠋ᠤ᠌ ᠲᠠᠷᠬᠠᠭᠰᠠᠨ ᠨᠡᠢᠲᠡᠯᠢᠭ ᠬᠡᠯᠡ ᠨᠦ᠍ᠭᠦᠳ ᠪᠣᠢ ᠪᠣᠯᠵᠠᠢ᠃ ᠲᠤᠬᠠᠢᠯᠠᠪᠠᠯ ᠬᠣᠶᠠᠷ ᠮᠥᠷᠡᠨ ᠦ᠌ ᠬᠥᠨᠳᠡᠢ ᠳ᠋ᠡᠬᠢ ᠱᠦᠮᠦᠢᠯ ᠬᠡᠯᠡ᠂ ᠨᠢᠯ ᠮᠥᠷᠡᠨ ᠣᠷᠴᠢᠮ ᠤ᠋ᠨ ᠡᠭᠡᠭᠲᠦ ᠬᠡᠯᠡ᠂ ᠰᠧᠮᠸᠲ ᠬᠡᠯᠡᠨ ᠦ᠌ ᠪᠦᠯᠦᠭ ᠲᠦ᠍ ᠪᠠᠭᠲᠠᠬᠤ ᠠᠭᠠᠲᠤ ᠬᠡᠯᠡ᠂ ᠬᠥᠬᠡ ᠰᠢᠷ᠎ᠠ ᠮᠥᠷᠡᠨ ᠦ᠌ ᠬᠥᠨᠳᠡᠢ ᠳ᠋ᠦ᠍ ᠬᠢᠲᠠᠳ ᠬᠡᠯᠡ᠂ ᠭᠠᠵᠠᠷ ᠳᠤᠮᠳᠠᠳᠤ ᠶ᠋ᠢᠨ ᠲᠠᠩᠭᠢᠰ ᠤ᠋ᠨ ᠬᠣᠢᠲᠤ ᠡᠷᠭᠢ ᠳᠠᠭᠠᠤ ᠭᠸᠷᠢᠭ᠌ ᠯᠠᠲ᠋ᠢᠨ ᠬᠡᠯᠡ᠂ ᠬᠠᠮᠤᠭ ᠤ᠋ᠨ ᠨᠥᠯᠥᠭᠡ ᠪᠦᠬᠦᠢ ᠡᠷᠲᠡᠨ ᠦ᠌ ᠬᠡᠯᠡ ᠨᠦ᠍ᠭᠦᠳ ᠦ᠋ᠨ ᠨᠢᠭᠡ ᠪᠠᠢᠭᠰᠠᠨ᠃ ᠡᠭᠦᠨ ᠲᠡᠢ ᠵᠡᠷᠭᠡ ᠲᠥᠪ ᠠᠽᠢᠶ᠎ᠠ ᠶ᠋ᠢᠨ ᠪᠦᠰᠡ ᠳ᠋ᠦ᠍ ᠠᠯᠲᠠᠢ ᠨᠢᠷᠤᠭᠤ ᠳᠠᠭᠠᠤ ᠠᠮᠢᠳᠤᠷᠠᠳᠠᠭ ᠪᠠᠢᠭᠰᠠᠨ ᠠᠷᠠᠳ ᠲᠦᠮᠡᠨ ᠬᠣᠭᠣᠷᠣᠨᠳᠣ ᠪᠠᠨ ᠡᠪᠦᠭᠡ ᠠᠯᠲᠠᠢ ᠶ᠋ᠢᠨ ᠬᠡᠯᠡ ᠪᠡᠷ ᠶᠠᠷᠢᠯᠴᠠᠨ ᠣᠢᠯᠠᠭᠠᠯᠴᠠᠳᠠᠭ ᠪᠠᠢᠵᠠᠢ᠃ 
       ᠡᠳᠡᠭᠡᠷ ᠪᠦᠬᠦ ᠬᠡᠯᠡ ᠨᠤᠭᠦᠳ ᠢ᠋ ᠠᠮᠢᠳᠤ ᠪᠠᠢᠯᠭᠠᠵᠤ ᠪᠠᠢᠳᠠᠭ ᠵᠦᠢᠯ ᠪᠣᠯ᠄ ᠨᠢᠭᠡᠳᠦᠭᠡᠷ ᠲᠦ᠍ ᠲᠤᠬᠠᠢ ᠶ᠋ᠢᠨ ᠬᠡᠯᠡ ᠶ᠋ᠢ ᠬᠢᠷᠢ ᠶᠡᠬᠡ ᠠᠰᠢᠭᠯᠠᠵᠤ ᠪᠠᠢᠨ᠎ᠠ ᠪᠣᠢ? ᠲᠤᠬᠠᠢ ᠶ᠋ᠢᠨ ᠬᠡᠯᠡ ᠪᠡᠷ ᠶᠠᠷᠢᠯᠴᠠᠳᠠᠭ ᠠᠷᠠᠳ ᠲᠦᠮᠡᠨ ᠶᠠᠮᠠᠷ ᠰᠣᠶᠣᠯ ᠵᠠᠩ ᠵᠠᠩᠰᠢᠯ ᠲᠠᠢ ᠪᠠᠢᠨ᠎ᠠ ᠪᠣᠢ? ᠭᠡᠬᠦ ᠠᠰᠠᠭᠤᠳᠠᠯ ᠣᠷᠣᠳᠠᠭ᠃ ᠤᠴᠢᠷ ᠨᠢ ᠬᠡᠯᠡ ᠪᠣᠯ ᠥᠪᠡᠷ ᠦ᠋ᠨ ᠰᠣᠶᠣᠯ ᠤ᠋ᠨ ᠬᠠᠮᠤᠭ ᠤ᠋ᠨ ᠲᠣᠮᠣ ᠢᠯᠡᠷᠬᠡᠢᠯᠡᠯ ᠪᠣᠯᠵᠤ ᠪᠠᠢᠳᠠᠭ ᠵᠦᠢᠯ ᠪᠥᠭᠡᠳ ᠰᠣᠶᠣᠯ ᠨᠢᠭᠡ ᠦᠶ᠎ᠡ ᠡᠴᠡ ᠨᠥᠭᠦᠭᠡ ᠦᠶ᠎ᠡ ᠳ᠋ᠦ᠍ ᠬᠠᠳᠠᠭᠠᠯᠠᠭᠳᠠᠨ ᠦᠯᠡᠳᠡᠬᠦ ᠬᠠᠮᠤᠭ ᠤ᠋ᠨ ᠲᠣᠮᠣ ᠬᠡᠷᠡᠭᠰᠡᠯ ᠭᠣᠣᠯ ᠰᠦᠨᠡᠰᠦ ᠨᠢ ᠬᠡᠯᠡ ᠮᠥᠨ ᠶᠤᠮ᠃ 
       ᠬᠣᠶᠠᠳᠤᠭᠠᠷ ᠲᠤ᠌ ᠲᠤᠬᠠᠢ ᠶ᠋ᠢᠨ ᠬᠡᠯᠡ ᠶ᠋ᠢ ᠢᠯᠡᠷᠬᠡᠢᠯᠡᠳᠡᠭ ᠪᠢᠴᠢᠭ ᠦᠰᠦᠭ ᠦ᠋ᠳ ᠮᠠᠰᠢ ᠶᠡᠬᠡ ᠴᠢᠬᠤᠯᠠ ᠡᠭᠦᠷᠭᠡ ᠲᠡᠢ ᠪᠠᠢᠳᠠᠭ᠃ ᠲᠤᠬᠠᠢ ᠶ᠋ᠢᠨ ᠬᠡᠯᠡ ᠳᠡᠭᠡᠷ᠎ᠡ ᠪᠢᠴᠢᠭᠳᠡᠭᠰᠡᠨ ᠪᠢᠴᠢᠭ ᠦᠰᠦᠭ ᠦ᠋ᠳ ᠨᠢ ᠤᠭ ᠠᠷᠠᠳ ᠲᠦᠮᠡᠨ ᠦ᠌ ᠰᠣᠶᠣᠯ ᠵᠠᠩ ᠵᠠᠩᠰᠢᠯ ᠬᠠᠷᠢᠯᠴᠠᠭ᠎ᠠ ᠲᠠᠢ ᠬᠣᠯᠪᠣᠭ᠎ᠠ ᠲᠠᠢ ᠮᠡᠳᠡᠭᠡᠯᠡᠯ ᠦ᠋ᠳ ᠢ᠋ ᠬᠠᠳᠠᠭᠠᠯᠠᠬᠤ ᠬᠠᠮᠤᠭ ᠤ᠋ᠨ ᠲᠣᠮᠣ ᠬᠥᠰᠢᠭᠦᠷᠭᠡ ᠪᠣᠯᠳᠠᠭ ᠭᠡᠰᠡᠨ ᠦᠭᠡ᠃ ᠪᠢᠴᠢᠯᠭᠡ ᠶ᠋ᠢᠨ ᠢ᠋ᠶ᠋ᠡᠨ ᠲᠡᠭᠦᠰᠬᠡᠯ ᠳ᠋ᠦ᠍ ᠮᠣᠩᠭᠣᠯ ᠬᠡᠯᠡ ᠲᠡᠦᠬᠡᠨ ᠴᠠᠭ ᠦᠶ᠎ᠡ ᠳ᠋ᠦ᠍ ᠶᠠᠮᠠᠷ ᠪᠢᠴᠢᠭ ᠢ᠋ᠶ᠋ᠡᠷ ᠢᠯᠡᠷᠬᠡᠢᠯᠡᠭᠳᠡᠵᠦ ᠪᠠᠢᠪᠠ ᠭᠡᠳᠡᠭ ᠢ᠋ ᠲᠣᠪᠴᠢᠬᠠᠨ ᠳᠤᠷᠠᠳᠬᠤ ᠪᠣᠯᠤᠨ᠎ᠠ᠃ ᠮᠣᠩᠭᠣᠯ ᠬᠡᠯᠡᠨ ᠨᠢ ᠳᠡᠭᠡᠷᠡᠬᠢ ᠡᠷᠲᠡᠨ ᠦ᠌ ᠬᠡᠯᠡ ᠨᠤᠭᠦᠳ ᠦ᠋ᠨ ᠨᠢᠭᠡ ᠨᠢ ᠪᠣᠯᠬᠤ ᠠᠯᠲᠠᠢ ᠢᠵᠠᠭᠤᠷ ᠤ᠋ᠨ ᠬᠡᠯᠡᠨ ᠦ᠌ ᠨᠢᠭᠡᠨ ᠪᠦᠯᠦᠭ ᠰᠠᠯᠪᠤᠷᠢ ᠰᠠᠯᠠᠭ᠎ᠠ ᠮᠥᠴᠢᠷ ᠪᠢᠯᠡ᠃ ᠠᠯᠲᠠᠢ ᠢᠵᠠᠭᠤᠷ ᠤ᠋ᠨ ᠬᠡᠯᠡ ᠨᠢ ᠠᠯᠲᠠᠢ ᠠᠭᠤᠯᠠ ᠪᠠᠷ ᠨᠤᠲᠤᠭᠯᠠᠭᠴᠢᠳ ᠬᠣᠭᠣᠷᠣᠨᠳᠣ ᠪᠠᠨ ᠶᠠᠷᠢᠯᠴᠠᠳᠠᠭ ᠪᠠᠢᠭᠰᠠᠨ ᠬᠡᠯᠡ ᠪᠥᠭᠡᠳ ᠲᠤᠬᠠᠢ ᠶ᠋ᠢᠨ ᠠᠷᠠᠳ ᠲᠦᠮᠡᠨ ᠦ᠌ ᠨᠡᠭᠦᠳᠡᠯ ᠰᠠᠭᠤᠷᠢᠰᠢᠯ ᠤ᠋ᠨ ᠨᠥᠯᠥᠭᠡ ᠪᠡᠷ ᠬᠡᠳᠦ ᠬᠡᠳᠦᠨ ᠪᠦᠯᠦᠭ ᠪᠣᠯᠤᠨ ᠰᠠᠯᠴᠢᠬᠠᠭᠰᠠᠨ ᠪᠠᠢᠨ᠎ᠠ᠃ ᠲᠤᠬᠠᠢᠯᠠᠪᠠᠯ ᠠᠯᠲᠠᠢ ᠨᠢᠷᠤᠭᠤᠨ ᠤ᠋ ᠪᠠᠷᠠᠭᠤᠨ ᠬᠡᠰᠡᠭ ᠢ᠋ᠶ᠋ᠡᠷ ᠲᠦᠷᠺ ᠬᠡᠯᠡᠨ ᠦ᠌ ᠪᠦᠯᠦᠭ᠂ ᠠᠯᠲᠠᠢ ᠨᠢᠷᠤᠭᠤᠨ ᠤ᠋ ᠵᠡᠭᠦᠨ ᠬᠡᠰᠡᠭ ᠢ᠋ᠶ᠋ᠡᠷ ᠮᠣᠩᠭᠣᠯ ᠬᠡᠯᠡᠨ ᠦ᠌ ᠪᠦᠯᠦᠭ᠂ ᠮᠣᠩᠭᠣᠯ ᠤ᠋ᠨ ᠲᠠᠯ᠎ᠠ ᠨᠤᠲᠤᠭ ᠠ᠋ᠴᠠ ᠶᠠᠫᠣᠨ ᠤ᠋ ᠲᠠᠩᠭᠢᠰ ᠬᠦᠷᠲᠡᠯ᠎ᠡ ᠮᠠᠨᠵᠤ ᠲᠦᠩᠭᠦᠰ ᠬᠡᠯᠡᠨ ᠦ᠌ ᠪᠦᠯᠦᠭ ᠭᠡᠬᠦ ᠮᠡᠲᠦᠴᠢᠯᠡᠨ ᠰᠠᠯᠳᠠᠭ᠃ ᠮᠥᠨ ᠰᠣᠯᠣᠩᠭᠣᠰ ᠪᠣᠯᠤᠨ ᠶᠠᠫᠣᠨ ᠬᠡᠯᠡ ᠨᠢ ᠴᠦ᠍ ᠠᠯᠲᠠᠢ ᠬᠡᠯᠡᠨ ᠦ᠌ ᠨᠢᠭᠡᠨ ᠰᠠᠯᠪᠤᠷᠢ ᠪᠣᠯᠳᠠᠭ᠃ ᠲᠡᠭᠡᠪᠡᠯ ᠪᠢᠳᠡᠨ ᠦ᠌ ᠮᠡᠳᠡᠬᠦ ᠮᠣᠩᠭᠣᠯ ᠬᠡᠯᠡ ᠶᠠᠭ ᠪᠠᠲᠤ ᠲᠠᠢ ᠪᠠᠷ ᠬᠡᠵᠢᠶ᠎ᠡ ᠲᠡᠦᠬᠡᠨ ᠬᠠᠭᠤᠳᠠᠰᠤᠨ ᠳ᠋ᠤ᠌ ᠲᠡᠮᠳᠡᠭᠯᠡᠭᠳᠡᠨ ᠦᠯᠡᠳᠡᠪᠡ ᠭᠡᠳᠡᠭ ᠠᠰᠠᠭᠤᠳᠠᠯ ᠭᠠᠷᠴᠤ ᠢᠷᠡᠨ᠎ᠡ᠃
       ᠣᠳᠣ ᠠ᠋ᠴᠠ5000 ᠵᠢᠯ ᠦ᠋ᠨ ᠡᠮᠦᠨ᠎ᠡ ᠲᠠᠯ᠎ᠠ ᠨᠤᠲᠤᠭ ᠲᠤ᠌ ᠬᠦᠴᠦᠷᠬᠡᠭ ᠨᠡᠭᠦᠳᠡᠯᠴᠢᠨ ᠠᠢᠮᠠᠭ᠂ ᠠᠢᠮᠠᠭ ᠤ᠋ᠨ ᠬᠣᠯᠪᠣᠭ᠎ᠠ ᠪᠣᠢ ᠪᠣᠯᠵᠤ ᠲᠠᠯ᠎ᠠ ᠨᠤᠲᠤᠭ ᠲᠤ᠌ ᠠᠵᠤ ᠲᠥᠷᠥᠵᠦ ᠪᠠᠢᠭᠰᠠᠨ ᠴᠠᠭ ᠦᠶ᠎ᠡ ᠡᠴᠡ ᠪᠢᠳᠡ ᠥᠪᠡᠷᠰᠡᠳ ᠦ᠋ᠨ ᠢ᠋ᠶ᠋ᠡᠨ ᠬᠡᠯᠡ ᠶ᠋ᠢ ᠬᠠᠢᠬᠤ ᠬᠡᠷᠡᠭᠲᠡᠢ᠃ ᠲᠡᠷᠡᠬᠦ ᠨᠡᠭᠦᠳᠡᠯᠴᠢᠳ ᠢ᠋ ᠨᠡᠢᠲᠡ ᠶ᠋ᠢᠨ ᠲᠣᠭᠠᠯᠠᠯ ᠤ᠋ᠨ ᠡᠮᠦᠨᠡᠬᠢ209 ᠣᠨ ᠳ᠋ᠤ᠌ ᠮᠦ᠍ ᠳ᠋ᠦᠨ ᠰᠢᠶᠦ᠋ᠩᠨᠦ ᠶ᠋ᠢ ᠨᠢᠭᠡᠳᠬᠡᠵᠦ᠂ ᠾᠦᠩᠨᠦ ᠭᠦᠷᠦᠨ ᠦ᠌ ᠲᠥᠷᠥ ᠳᠣᠣᠷ᠎ᠠ ᠪᠦᠭᠦᠳᠡᠭᠡᠷ ᠬᠠᠷᠢᠶᠠᠯᠠᠭᠳᠠᠬᠤ ᠪᠣᠯᠵᠠᠢ᠃ ᠾᠦᠩᠨᠦ ᠭᠦᠷᠦᠨ ᠪᠠᠢᠭᠤᠯᠤᠭᠳᠠᠭᠰᠠᠨ ᠲᠥᠪ ᠠᠽᠢᠶ᠎ᠠ ᠲᠡᠳᠦᠢ ᠦᠭᠡᠢ ᠳᠡᠯᠡᠬᠡᠢ ᠶ᠋ᠢᠨ ᠲᠡᠦᠬᠡᠨ ᠳ᠋ᠦ᠍ ᠠᠰᠤᠷᠤ ᠲᠣᠮᠣ ᠨᠥᠯᠥᠭᠡ ᠲᠡᠢ ᠦᠢᠯᠡ ᠬᠡᠷᠡᠭ ᠪᠣᠯᠤᠭᠰᠠᠨ᠃ ᠾᠦᠩᠨᠦ ᠭᠦᠷᠦᠨ ᠳᠤᠮᠳᠠᠳᠤ ᠠᠽᠢᠶ᠎ᠠ ᠶ᠋ᠢ ᠨᠥᠯᠦᠭᠡᠨ ᠳᠡᠭᠡᠷ᠎ᠡ ᠪᠠᠷᠢᠵᠤ ᠲᠣᠷᠭᠠᠨ ᠤ᠋ ᠵᠠᠮ ᠳ᠋ᠤ᠌ ᠬᠢᠨᠠᠯᠲᠠ ᠪᠠᠷ ᠲᠣᠭᠲᠠᠭᠠᠨ ᠡᠮᠦᠨ᠎ᠡ ᠵᠦᠭ ᠲᠦ᠍ ᠪᠠᠢᠬᠤ ᠬᠢᠲᠠᠳ ᠦᠨᠳᠦᠰᠦᠲᠡᠨ ᠦ᠌ ᠬᠦᠴᠦᠷᠬᠡᠭ ᠬᠠᠨ ᠤᠯᠤᠰ ᠲᠠᠢ ᠡᠩ ᠵᠡᠷᠭᠡᠴᠡᠵᠦ ᠣᠷᠣᠰᠢᠵᠤ ᠪᠠᠢᠭᠰᠠᠨ᠃ ᠡᠢᠮᠦ ᠬᠦᠴᠦᠷᠬᠡᠭ ᠰᠣᠶᠣᠯ ᠤ᠋ᠨ ᠠᠰᠤᠷᠤ ᠲᠣᠮᠣ ᠨᠥᠯᠥᠭᠡ ᠲᠡᠢ ᠡᠴᠡ ᠶᠠᠭ ᠶᠠᠮᠠᠷ ᠬᠡᠯᠡ ᠪᠡᠷ ᠬᠣᠭᠣᠷᠣᠨᠳᠣ ᠪᠠᠨ ᠬᠡᠯᠡᠯᠴᠡᠵᠦ ᠪᠠᠢᠪᠠ ᠭᠡᠳᠡᠭ ᠨᠢ ᠰᠤᠳᠤᠯᠭᠠᠴᠢᠳ ᠤ᠋ᠨ ᠰᠣᠨᠢᠷᠬᠠᠯ ᠢ᠋ ᠶᠡᠬᠡᠳᠡ ᠲᠠᠲᠠᠳᠠᠭ᠃ ᠰᠤᠳᠤᠯᠭᠠᠴᠢᠳ ᠨᠡᠭᠦᠳᠡᠯᠴᠢᠳ ᠦ᠋ᠨ ᠪᠠᠢᠭᠤᠯᠤᠭᠰᠠᠨ ᠾᠦᠩᠨᠦ ᠭᠦᠷᠦᠨ ᠢ᠋ ᠣᠳᠣ ᠪᠣᠯᠲᠠᠯ᠎ᠠ ᠮᠣᠩᠭᠣᠯ ᠡᠰᠡᠬᠦᠯ᠎ᠡ ᠲᠦᠷᠺ ᠪᠦᠷ ᠡᠰᠡᠬᠦᠯ᠎ᠡ ᠲᠦᠩᠭᠦᠰ ᠬᠡᠯᠡᠲᠡᠨ ᠪᠠᠢᠭᠰᠠᠨ ᠭᠡᠬᠦ ᠮᠡᠲᠦ ᠪᠡᠷ ᠣᠳᠣ ᠬᠦᠷᠲᠡᠯ᠎ᠡ ᠬᠦᠴᠦᠲᠡᠢ ᠮᠠᠷᠭᠤᠭᠰᠠᠭᠠᠷ ᠪᠠᠢᠳᠠᠭ ᠨᠢ ᠾᠦᠩᠨᠦ ᠶ᠋ᠢᠨ ᠦᠶ᠎ᠡ ᠳ᠋ᠦ᠍ ᠠᠯᠲᠠᠢ ᠬᠡᠯᠡ ᠪᠦᠷᠢᠨ ᠵᠠᠳᠠᠷᠠᠭ᠎ᠠ ᠦᠭᠡᠢ ᠪᠠᠢᠭᠰᠠᠨ ᠲᠠᠢ ᠬᠣᠯᠪᠣᠵᠤ ᠲᠠᠢᠯᠪᠤᠷᠢᠯᠠᠵᠤ  ᠪᠣᠯᠤᠨ᠎ᠠ᠃ ᠪᠦᠷ ᠲᠣᠳᠣᠷᠬᠠᠢ ᠬᠡᠯᠡᠪᠡᠯ ᠾᠦᠩᠨᠦ ᠭᠦᠷᠦᠨ ᠪᠠᠢᠭᠤᠯᠤᠭᠳᠠᠵᠤ ᠪᠠᠢᠬᠤ ᠲᠡᠷᠡ ᠴᠠᠭ ᠦᠶ᠎ᠡ ᠳ᠋ᠦ᠍ ᠯᠡ ᠡᠪᠦᠭᠡ ᠮᠣᠩᠭᠣᠯ᠂ ᠡᠪᠦᠭᠡ ᠲᠦᠷᠺ᠂ ᠡᠪᠦᠭᠡ ᠮᠠᠨᠵᠤ ᠲᠦᠩᠭᠦᠰ ᠬᠡᠯᠡ ᠪᠦᠷᠢᠯᠳᠦᠨ ᠲᠣᠭᠲᠠᠵᠤ ᠪᠣᠢ ᠪᠣᠯᠵᠤ ᠪᠠᠢᠭᠰᠠᠨ ᠭᠡᠰᠡᠨ ᠦᠭᠡ᠃ ᠮᠡᠳᠡᠭᠡᠵᠢ ᠠᠯᠲᠠᠢ ᠢᠵᠠᠭᠤᠷ ᠤ᠋ᠨ ᠬᠡᠯᠡᠨ ᠳᠡᠭᠡᠷ᠎ᠡ ᠡᠴᠡ ᠰᠠᠭᠤᠷᠢᠯᠠᠨ ᠮᠣᠩᠭᠣᠯ᠂  ᠲᠦᠷᠺ᠂ ᠲᠦᠩᠭᠦᠰ ᠬᠡᠯᠡ ᠬᠥᠭᠵᠢᠭᠰᠡᠨ ᠤᠴᠢᠷ ᠾᠦᠩᠨᠦᠴᠤᠤᠨ ᠢ᠋ ᠶᠠᠭ ᠮᠣᠩᠭᠣᠯ᠂ ᠲᠦᠷᠺ᠂ ᠲᠦᠩᠭᠦᠰ ᠭᠡᠳ ᠬᠡᠯᠡᠵᠦ ᠪᠣᠯᠬᠤ ᠦᠭᠡᠢ᠃ ᠳᠤᠮᠳᠠ ᠶ᠋ᠢᠨ ᠮᠠᠰᠢ ᠣᠯᠠᠨ ᠢᠵᠢᠯ ᠦᠭᠡᠰ ᠦ᠋ᠨ ᠰᠠᠩ ᠲᠠᠢ ᠪᠠᠢᠳᠠᠭ᠃ ᠲᠡᠢᠮᠦ ᠴᠦ᠍ ᠤᠴᠢᠷ ᠠ᠋ᠴᠠ ᠾᠦᠩᠨᠦ ᠶ᠋ᠢᠨ ᠵᠠᠯᠭᠠᠮᠵᠢᠯᠠᠭᠴᠢᠳ ᠢ᠋ ᠳᠦᠷᠺᠣᠳ ᠡᠰᠡᠬᠦᠯ᠎ᠡ ᠮᠣᠩᠭᠣᠯᠴᠤᠳ ᠭᠡᠰᠡᠨ ᠮᠠᠷᠭᠤᠭᠠᠨ ᠰᠣᠣᠰᠢᠯ ᠶᠢᠷᠲᠢᠨᠴᠦ ᠳ᠋ᠦ᠍ ᠮᠠᠰᠢ ᠬᠦᠴᠦᠲᠡᠢ ᠪᠠᠢᠳᠠᠭ ᠢ᠋ ᠲᠠ ᠪᠦᠬᠦᠨ ᠮᠡᠳᠡᠵᠦ ᠪᠠᠢᠭ᠎ᠠ ᠪᠠᠢᠬᠤ᠃ ᠭᠡᠬᠦ ᠳ᠋ᠡᠭᠡᠨ ᠰᠡᠭᠦᠯ ᠦ᠋ᠨ ᠦᠶ᠎ᠡ ᠶ᠋ᠢᠨ ᠠᠷᡁᠸᠤᠯᠤᠬᠢ  ᠶ᠋ᠢᠨ ᠰᠤᠳᠤᠯᠤᠯᠭ᠎ᠠ ᠲᠡᠦᠬᠡ᠂ ᠤᠭᠰᠠᠭᠠᠲᠠᠨ ᠵᠦᠢ᠂ ᠭᠸᠨᠡᠲᠡᠬᠢ ᠶ᠋ᠢᠨ ᠰᠤᠳᠤᠯᠤᠯ ᠤ᠋ᠨ ᠳᠡᠢᠯᠦᠩᠭᠢ ᠨᠢ ᠾᠦᠩᠨᠦ ᠶ᠋ᠢᠨ ᠰᠢᠭᠤᠳ ᠵᠠᠯᠭᠠᠮᠵᠢᠯᠠᠭᠴᠢᠳ ᠢ᠋ ᠮᠣᠩᠭᠣᠯᠴᠤᠳ ᠭᠡᠵᠦ ᠳ᠋ᠦᠩᠨᠡᠵᠦ ᠪᠠᠢᠭ᠎ᠠ᠂ ᠶᠠᠮᠠᠷᠴᠤ ᠾᠦᠩᠨᠦ ᠪᠢᠰᠢ ᠪᠣᠯ ᠮᠣᠩᠭᠣᠯ ᠲᠦᠷᠺ ᠭᠡᠰᠡᠨ ᠮᠠᠷᠭᠤᠭᠠᠨ ᠬᠠᠮᠤᠭ ᠤ᠋ᠨ ᠲᠣᠮᠣ ᠡᠴᠦᠰ ᠦ᠋ᠨ ᠴᠣᠬᠢᠯᠲᠠ ᠶ᠋ᠢ ᠥᠭᠬᠦ ᠪᠠᠷᠢᠮᠲᠠ ᠪᠣᠯ ᠾᠦᠩᠨᠦ ᠬᠡᠯᠡ ᠶᠠᠭ ᠶᠠᠮᠠᠷ ᠬᠡᠯᠡ ᠪᠠᠢᠭᠰᠠᠨ ᠪᠣᠢ ᠭᠡᠳᠡᠭ ᠠᠰᠠᠭᠤᠯᠲᠠ ᠪᠢᠯᠡ᠃ ᠲᠡᠢᠮᠦ ᠤᠴᠢᠷ ᠠ᠋ᠴᠠ ᠾᠦᠩᠨᠦ ᠶ᠋ᠢᠨ ᠬᠡᠯᠡᠨ ᠦ᠌ ᠠᠰᠠᠭᠤᠳᠠᠯ ᠢ᠋ ᠰᠤᠳᠤᠯᠬᠤ ᠨᠢ ᠣᠳᠣ ᠴᠤ᠌ ᠬᠠᠯᠠᠭᠤᠬᠠᠨ ᠰᠡᠳᠦᠪ ᠬᠡᠪ ᠢ᠋ᠶ᠋ᠡᠷ ᠪᠠᠢᠭ᠎ᠠ ᠰᠢᠦ᠃ ᠬᠠᠷᠢᠨ ᠾᠦᠩᠨᠦ ᠶ᠋ᠢᠨ ᠳᠠᠷᠠᠭ᠎ᠠ ᠲᠠᠯ᠎ᠠ ᠨᠤᠲᠤᠭ ᠲᠤ᠌ ᠥᠪᠡᠷᠰᠡᠳ ᠦ᠋ᠨ ᠲᠥᠷᠥ ᠤᠯᠤᠰ ᠢ᠋ᠶ᠋ᠠᠨ ᠪᠠᠢᠭᠤᠯᠤᠭᠰᠠᠨ ᠰᠢᠶᠠᠨᠪᠧᠢ ᠨᠠᠷ ᠨᠢ ᠪᠠᠲᠤᠲᠠᠢ ᠮᠣᠩᠭᠣᠯ ᠬᠡᠯᠡ ᠲᠡᠢ ᠪᠠᠢᠭᠰᠠᠨ ᠭᠡᠳᠡᠭ ᠨᠢ ᠰᠤᠳᠤᠯᠤᠯᠭ᠎ᠠ ᠪᠠᠷ ᠲᠣᠭᠲᠠᠭᠠᠭᠳᠠᠭᠠᠳ ᠪᠠᠢᠭ᠎ᠠ᠃ 
       ᠰᠢᠶᠠᠨᠪᠧᠢ ᠨᠠᠷ ᠨᠢ ᠾᠦᠩᠨᠦ ᠲᠡᠢ ᠵᠡᠷᠭᠡᠴᠡᠨ ᠣᠷᠣᠰᠢᠵᠤ ᠪᠠᠢᠭᠰᠠᠨ ᠲᠤᠩᠬᠤ ᠨᠠᠷ ᠤ᠋ᠨ ᠨᠢᠭᠡᠨ ᠪᠦᠷᠢᠯᠳᠦᠬᠦᠨ ᠬᠡᠰᠡᠭ ᠪᠥᠭᠡᠳ ᠾᠦᠩᠨᠦ ᠨᠠᠷ ᠲᠤ᠌ ᠢᠯᠠᠭᠳᠠᠭᠰᠠᠨ ᠲᠤᠩᠬᠤ ᠨᠠᠷ ᠰᠢᠶᠠᠨᠪᠧᠢ ᠬᠤᠸᠠᠨ ᠭᠡᠵᠦ ᠬᠣᠶᠠᠷ ᠬᠤᠪᠢᠶᠠᠭᠳᠠᠭᠰᠠᠨ ᠪᠠᠢᠳᠠᠭ᠃  ᠡᠭᠦᠨ ᠡᠴᠡ ᠬᠠᠷᠠᠪᠠᠯ ᠰᠢᠶᠠᠨᠪᠧᠢ᠂ ᠲᠤᠩᠬᠤ ᠠ᠋ᠴᠠ ᠭᠠᠷᠤᠯᠲᠠ ᠲᠠᠢ᠂ ᠲᠡᠭᠡᠬᠦ ᠪᠡᠷ ᠲᠤᠩᠬᠤ ᠪᠣᠯ ᠮᠣᠩᠭᠣᠯ ᠬᠡᠯᠡ ᠲᠡᠢ ᠪᠠᠢᠭᠰᠠᠨ ᠭᠡᠰᠡᠨ ᠦᠭᠡ᠃ ᠰᠢᠶᠠᠨᠪᠧᠢ ᠨᠠᠷ156 ᠣᠨ ᠳ᠋ᠤ᠌ ᠬᠦᠴᠦᠷᠬᠡᠭ ᠤᠳᠤᠷᠢᠳᠤᠭᠴᠢ ᠲᠠᠢ ᠰᠢᠩ ᠬᠤᠸᠠ ᠶ᠋ᠢᠨ ᠤᠳᠤᠷᠢᠳᠤᠯᠭ᠎ᠠ ᠳᠣᠣᠷ᠎ᠠ ᠨᠢᠭᠡᠳᠦᠭᠰᠡᠨ ᠪᠥᠭᠡᠳ ᠾᠦᠩᠨᠦ ᠶ᠋ᠢᠨ ᠤᠨᠠᠯᠲᠠ ᠲᠠᠢ ᠵᠡᠷᠭᠡᠴᠡᠨ ᠾᠦᠩᠨᠦ ᠶ᠋ᠢᠨ ᠡᠵᠡᠯᠡᠵᠦ ᠪᠠᠢᠭᠰᠠᠨ ᠪᠦᠬᠦᠢᠯᠡ ᠨᠤᠲᠤᠭ ᠢ᠋ ᠥᠪᠡᠷ ᠦ᠋ᠨ ᠡᠵᠡᠮᠰᠢᠯ ᠳ᠋ᠦ᠍ ᠣᠷᠣᠭᠤᠯᠤᠭᠰᠠᠨ ᠪᠠᠢᠳᠠᠭ᠃ ᠰᠢᠶᠠᠨᠪᠧᠢ᠂ ᠾᠦᠩᠨᠦ ᠬᠣᠶᠠᠷ ᠢ᠋ ᠨᠢᠭᠡᠨ ᠦ᠌ ᠬᠢᠨ ᠳᠠᠷᠠᠭ᠎ᠠ ᠨᠥᠭᠦᠭᠡ ᠨᠢ ᠲᠡᠦᠬᠡ ᠶ᠋ᠢᠨ ᠲᠠᠪᠴᠠᠩ ᠳ᠋ᠤ᠌ ᠭᠠᠷᠴᠤ  ᠢᠷᠡᠭᠰᠡᠨ ᠭᠡᠬᠦ ᠪᠡᠷ ᠬᠣᠶᠠᠷ ᠥᠭᠡᠷ᠎ᠡ ᠠᠷᠠᠳ ᠲᠦᠮᠡᠨ ᠮᠡᠲᠦ ᠪᠡᠷ ᠣᠢᠯᠠᠭᠠᠵᠤ ᠪᠣᠯᠬᠤ ᠦᠭᠡᠢ᠃ ᠤᠴᠢᠷ ᠨᠢ ᠲᠠᠯ᠎ᠠ ᠨᠤᠲᠤᠭ ᠤ᠋ᠨ ᠨᠡᠭᠦᠳᠡᠯᠴᠢᠳ ᠠᠮᠢᠳᠤᠷᠠᠳᠠᠭ ᠭᠠᠵᠠᠷ ᠢ᠋ᠶ᠋ᠠᠨ ᠠᠮᠢᠳᠤᠷᠠᠵᠤ ᠪᠠᠢᠭ᠎ᠠ᠃ ᠭᠠᠭᠴᠠᠬᠦ ᠲᠡᠷᠡ ᠨᠡᠭᠦᠳᠡᠯᠴᠢᠳ ᠢ᠋ ᠭᠣᠣᠯᠴᠢᠯᠠᠨ ᠵᠠᠬᠢᠷᠬᠤ ᠤᠭᠰᠠᠭ᠎ᠠ ᠯᠠ ᠥᠭᠡᠷᠡᠴᠢᠯᠡᠭᠳᠡᠵᠦ ᠪᠠᠢᠭ᠎ᠠ ᠭᠡᠳᠡᠭ ᠢ᠋ ᠰᠠᠨᠠᠭᠠᠷᠠᠢ᠂ ᠬᠣᠶᠠᠷ ᠥᠭᠡᠷ᠎ᠡ ᠠᠷᠠᠳ ᠲᠦᠮᠡᠨ ᠪᠢᠰᠢ ᠰᠢᠦ᠃ ᠰᠢᠶᠠᠨᠪᠧᠢ ᠨᠠᠷ ᠤ᠋ᠨ ᠮᠠᠰᠢ ᠣᠯᠠᠨ ᠦᠭᠡ ᠰᠤᠷᠪᠤᠯᠵᠢ ᠪᠢᠴᠢᠭ ᠦ᠋ᠳ ᠲᠦ᠍ ᠦᠯᠡᠳᠡᠵᠦ ᠬᠣᠴᠣᠷᠤᠭᠰᠠᠨ  ᠪᠠᠢᠳᠠᠭ᠃ ᠡᠷᠲᠡᠨ ᠦ᠌ ᠬᠡᠯᠡᠨ ᠦ᠌ ᠰᠡᠷᠭᠦᠭᠰᠡᠨ ᠬᠡᠯᠪᠡᠷᠢ ᠪᠡᠷ ᠨᠢ ᠲᠠ ᠪᠦᠬᠦᠨ ᠰᠣᠨᠣᠰᠤᠭᠠᠳ ᠣᠷᠴᠢᠨ ᠴᠠᠭ ᠤ᠋ᠨ ᠮᠣᠩᠭᠣᠯ ᠬᠡᠯᠡ ᠲᠡᠢ ᠬᠥᠮᠦᠨ ᠣᠢᠯᠠᠭᠠᠵᠤ ᠪᠠᠢᠨ᠎ᠠ ᠤᠤ ᠭᠡᠳᠡᠭ ᠢ᠋ ᠲᠠᠭᠠᠵᠤ ᠦᠵᠡᠭᠡᠷᠡᠢ!
       ᠴᠣᠬᠣᠮ ᠳ᠋ᠠᠭᠠᠨ ᠰᠢᠶᠠᠨᠪᠧᠢ ᠨᠠᠷ ᠢ᠋ ᠡᠷᠲᠡᠨ ᠦ᠌ ᠮᠣᠩᠭᠣᠯ ᠬᠡᠯᠡᠲᠡᠨ ᠭᠡᠵᠦ ᠬᠡᠯᠡᠬᠦ ᠳ᠋ᠦ᠍ ᠪᠣᠯᠤᠨ᠎ᠠ᠃ ᠰᠢᠶᠠᠨᠪᠧᠢ ᠤᠯᠤᠰ ᠤ᠋ᠨ ᠵᠠᠳᠠᠷᠠᠯ ᠲᠥᠪ ᠠᠽᠢᠶ᠎ᠠ ᠵᠡᠭᠦᠨ ᠬᠣᠢᠲᠤ ᠠᠽᠢᠶ᠎ᠠ ᠳ᠋ᠤ᠌ ᠮᠠᠰᠢ ᠶᠡᠬᠡ ᠨᠥᠯᠥᠭᠡ ᠶ᠋ᠢ ᠦᠵᠡᠭᠦᠯᠦᠭᠰᠡᠨ᠃ ᠲᠤᠬᠠᠢᠯᠠᠪᠠᠯ ᠲᠡᠳᠡᠨ ᠦ᠌ ᠵᠠᠳᠠᠷᠠᠯ ᠤ᠋ᠨ ᠨᠥᠯᠥᠭᠡ ᠪᠡᠷ ᠰᠢᠶᠠᠨᠪᠧᠢ ᠬᠡᠯᠡ ᠮᠠᠰᠢ ᠥᠷᠭᠡᠨ  ᠪᠦᠰᠡ ᠨᠤᠲᠤᠭ ᠲᠤ᠌ ᠲᠠᠷᠬᠠᠭᠰᠠᠨ ᠪᠠᠢᠨ᠎ᠠ᠃ ᠲᠤᠬᠠᠢᠯᠠᠪᠠᠯ ᠵᠦᠵᠠᠨ᠂ ᠲᠣᠪᠠ᠂ ᠮᠦᠶᠦᠨ᠂ ᠲᠣᠺᠣᠬᠤᠨ᠂ ᠢᠸᠠᠨ᠂ ᠲᠤᠫᠠ᠂ ᠬᠢᠳᠠᠨ ᠵᠡᠷᠭᠡ ᠬᠦᠴᠦᠷᠬᠡᠭ ᠨᠡᠭᠦᠳᠡᠯᠴᠢᠳ ᠡᠮᠦᠨ᠎ᠡ ᠵᠦᠭ ᠲᠦ᠍᠂ ᠬᠣᠢᠲᠤ ᠬᠢᠲᠠᠳ ᠲᠤ᠌ ᠥᠪᠡᠷᠰᠡᠳ ᠦ᠋ᠨ ᠤᠯᠤᠰ ᠢ᠋ᠶ᠋ᠠᠨ ᠪᠠᠢᠭᠤᠯᠵᠤ ᠪᠠᠢᠯ᠎ᠠ᠃  ᠢᠩᠭᠢᠭᠰᠡᠨ ᠢ᠋ᠶ᠋ᠡᠷ ᠵᠡᠭᠦᠨ ᠬᠣᠢᠲᠤ ᠠᠽᠢᠶ᠎ᠠ᠂ ᠲᠥᠪ ᠠᠽᠢᠶ᠎ᠠ ᠳ᠋ᠤ᠌ ᠰᠢᠶᠠᠨᠪᠧᠢ ᠬᠡᠯᠡ ᠪᠤᠶᠤ ᠡᠷᠲᠡᠨ ᠦ᠌ ᠮᠣᠩᠭᠣᠯ ᠬᠡᠯᠡ ᠲᠠᠷᠬᠠᠵᠠᠢ᠃ 
       ᠰᠢᠶᠠᠨᠪᠧᠢ ᠶ᠋ᠢᠨ ᠲᠥᠷᠥ ᠤᠯᠤᠰ ᠮᠥᠬᠥᠭᠰᠡᠨ ᠦ᠌ ᠳᠠᠷᠠᠭ᠎ᠠ ᠲᠡᠳᠡᠨ ᠵᠠᠯᠭᠠᠨ ᠭᠠᠷᠴᠤ ᠢᠷᠡᠭᠰᠡᠨ ᠵᠦᠵᠡᠨ ᠨᠦ᠍ᠭᠦᠳ ᠴᠦ᠍ ᠮᠥᠨ ᠮᠣᠩᠭᠣᠯ ᠬᠡᠯᠡ ᠲᠡᠢ ᠤᠯᠤᠰ ᠪᠠᠢᠵᠠᠢ᠃ ᠵᠦᠵᠡᠨ ᠨᠤᠭᠦᠳ ᠢ᠋ ᠮᠣᠩᠭᠣᠯ ᠬᠡᠯᠡ ᠲᠡᠢ ᠠᠷᠠᠳ ᠲᠦᠮᠡᠨ ᠭᠡᠳᠡᠭ ᠢ᠋ ᠮᠠᠰᠢ ᠣᠯᠠᠨ ᠲᠡᠦᠬᠡ ᠶ᠋ᠢᠨ ᠪᠠᠷᠢᠮᠲᠠ ᠨᠤᠲᠠᠯᠠᠵᠤ ᠪᠠᠢᠳᠠᠭ ᠤ᠋ᠨ ᠬᠠᠮᠤᠭ ᠤ᠋ᠨ ᠲᠣᠳᠣ ᠪᠠᠷᠢᠮᠲᠠ ᠨᠢ ᠪᠤᠯᠠᠭᠠᠨ ᠠᠢᠮᠠᠭ ᠤ᠋ᠨ ᠨᠤᠲᠤᠭ ᠠ᠋ᠴᠠ ᠣᠯᠳᠠᠭᠰᠠᠨ ᠬᠦᠢᠰᠦ ᠲᠣᠯᠣᠭᠠᠢ ᠶ᠋ᠢᠨ ᠪᠢᠴᠢᠭ᠂ ᠵᠦᠵᠡᠨ ᠮᠥᠬᠥᠬᠦ ᠲᠡᠢ ᠵᠡᠷᠭᠡᠴᠡᠨ ᠲᠡᠳᠡᠨ ᠦ᠌ ᠨᠢᠭᠡᠨ ᠬᠡᠰᠡᠭ ᠨᠢ ᠪᠠᠷᠠᠭᠤᠨ ᠵᠦᠭ ᠲᠦ᠍ ᠨᠡᠭᠦᠳᠡᠯᠯᠡᠭᠰᠡᠨ ᠪᠥᠭᠡᠳ ᠲᠡᠳᠡᠨ ᠢ᠋ ᠠᠪᠠᠷᠴᠤᠳ ᠭᠡᠳᠡᠭ ᠪᠠᠢᠭᠰᠠᠨ᠃ ᠠᠪᠠᠷᠴᠤᠳ ᠥᠷᠥᠨ᠎ᠡ ᠵᠦᠭ ᠲᠦ᠍ ᠡᠮᠦᠨ᠎ᠡ ᠨᠡᠭᠦᠳᠡᠯᠯᠡᠭᠰᠡᠨ ᠬᠥᠮᠦᠰ ᠦ᠋ᠨ ᠵᠠᠮ ᠢ᠋ᠶ᠋ᠠᠷ ᠨᠡᠭᠦᠳᠡᠯᠯᠡᠵᠦ᠂ ᠵᠡᠭᠦᠨ ᠧᠦ᠋ᠷᠣᠫᠠ ᠳ᠋ᠤ᠌ ᠥᠪᠡᠷᠰᠡᠳ ᠦ᠋ᠨ ᠤᠯᠤᠰ ᠢ᠋ᠶ᠋ᠠᠨ ᠪᠠᠢᠭᠤᠯᠤᠭᠰᠠᠨ᠃ ᠲᠡᠭᠡᠬᠦᠯᠡᠷ ᠮᠣᠩᠭᠣᠯ ᠬᠡᠯᠡ ᠲᠡᠢ ᠠᠷᠠᠳ ᠲᠦᠮᠡᠨ ᠧᠦ᠋ᠷᠣᠫᠠᠴᠤᠳ ᠲᠠᠢ ᠮᠠᠰᠢ ᠡᠷᠲᠡᠨ ᠡᠴᠡ ᠬᠠᠷᠢᠯᠴᠠᠭ᠎ᠠ ᠲᠠᠢ ᠪᠠᠢᠭᠰᠠᠨ ᠢ᠋ ᠬᠠᠷᠠᠵᠤ ᠪᠣᠯᠤᠨ᠎ᠠ᠃ ᠵᠦᠵᠡᠨ ᠦ᠌ ᠦᠶ᠎ᠡ ᠳ᠋ᠦ᠍ ᠣᠳᠣ ᠪᠠᠷ ᠪᠠᠲᠤᠯᠠᠭᠳᠠᠭᠠᠳ ᠪᠠᠢᠭ᠎ᠠ ᠬᠠᠮᠤᠭ ᠤ᠋ᠨ ᠠᠩᠬᠠᠨ ᠤ᠋ ᠮᠣᠩᠭᠣᠯ ᠬᠡᠯᠡᠨ ᠳᠡᠭᠡᠷᠡᠬᠢ ᠪᠢᠴᠢᠭ ᠦ᠋ᠨ ᠪᠠᠷᠢᠮᠲᠠ ᠦᠯᠡᠳᠡᠵᠦ ᠬᠣᠴᠣᠷᠤᠭᠰᠠᠨ ᠢ᠋ ᠳᠡᠯᠭᠡᠷᠡᠭᠦᠯᠪᠡᠯ᠂ ᠮᠣᠩᠭᠣᠯ ᠬᠡᠯᠡᠨ ᠳᠡᠭᠡᠷ᠎ᠡ ᠪᠷᠠᠾᠮᠢ ᠪᠢᠴᠢᠭ ᠢ᠋ᠶ᠋ᠡᠷ ᠪᠢᠴᠢᠭᠳᠡᠭᠰᠡᠨ ᠳᠤᠷᠠᠰᠬᠠᠯ ᠶᠤᠮ᠃ ᠡᠨᠡ ᠪᠢᠴᠢᠭ ᠬᠠᠷᠢᠴᠠᠩᠭᠤᠢ ᠬᠣᠵᠢᠭᠤ ᠦᠶ᠎ᠡ ᠬᠦᠷᠲᠡᠯ᠎ᠡ ᠳᠠᠢᠯᠠᠭᠳᠠᠭ᠎ᠠ ᠦᠭᠡᠢ ᠶ᠋ᠢᠨ ᠤᠴᠢᠷ ᠨᠢ ᠪᠷᠠᡁᠮᠢ ᠬᠡᠯᠡ ᠮᠡᠳᠡᠳᠡᠭ ᠡᠨᠡᠳᠬᠡᠭ ᠬᠥᠮᠦᠨ ᠮᠣᠩᠭᠣᠯ ᠬᠡᠯᠡ ᠮᠡᠳᠡᠬᠦ ᠦᠭᠡᠢ᠂ ᠮᠣᠩᠭᠣᠯ ᠬᠡᠯᠡ ᠮᠡᠳᠡᠳᠡᠭ ᠬᠥᠮᠦᠨ ᠨᠢ ᠪᠷᠠᠾᠮᠢ ᠬᠡᠯᠡ ᠮᠡᠳᠡᠬᠦ ᠦᠭᠡᠢ ᠲᠡᠢ ᠬᠣᠯᠪᠣᠭ᠎ᠠ ᠲᠠᠢ᠃
       ᠵᠦᠵᠡᠨ ᠦ᠌ ᠲᠥᠷᠥ ᠳᠠᠭᠤᠰᠴᠤ ᠮᠥᠬᠥᠭᠰᠡᠨ ᠦ᠌ ᠳᠠᠷᠠᠭ᠎ᠠ ᠲᠡᠳᠡᠨ ᠢ᠋ ᠮᠥᠬᠥᠭᠡᠭᠰᠡᠨ ᠲᠥᠷᠥ ᠶ᠋ᠢᠨ ᠬᠠᠭᠠᠨᠲᠤ ᠤᠯᠤᠰ ᠤ᠋ᠨ ᠦᠨᠳᠦᠰᠦᠨ ᠬᠡᠯᠡ ᠨᠢ ᠲᠦᠷᠺ ᠬᠡᠯᠡ ᠪᠠᠢᠯ᠎ᠠ᠃ ᠤᠢᠭᠤᠷ ᠮᠥᠨ ᠠᠳᠠᠯᠢ ᠲᠦᠷᠺ ᠬᠡᠯᠡ ᠲᠡᠢ ᠤᠯᠤᠰ᠂ ᠤᠢᠭᠤᠷ ᠤ᠋ᠳ ᠤ᠋ᠨ ᠳᠠᠷᠠᠭ᠎ᠠ ᠮᠣᠩᠭᠣᠯ ᠨᠤᠲᠤᠭ ᠲᠤ᠌ ᠬᠠᠷᠢᠴᠠᠩᠭᠤᠢ ᠪᠣᠭᠣᠨᠢ ᠬᠤᠭᠤᠴᠠᠭᠠᠨ ᠳ᠋ᠤ᠌ ᠣᠷᠣᠰᠢᠨ ᠲᠣᠭᠲᠠᠨᠢᠭᠰᠠᠨ ᠬᠢᠷᠭᠢᠰ ᠨᠠᠷ ᠮᠥᠨ ᠲᠦᠷᠺ ᠬᠡᠯᠡᠲᠡᠨ ᠪᠣᠯᠤᠨ᠎ᠠ᠃ ᠲᠦᠷᠺ ᠬᠡᠯᠡᠲᠡᠨ ᠨᠤᠭᠦᠳ ᠳᠠᠷᠤᠢ ᠭᠤᠷᠪᠠᠨ ᠵᠠᠭᠤ ᠭᠠᠷᠤᠢ ᠵᠢᠯ ᠨᠣᠶᠠᠷᠬᠠᠭᠰᠠᠨ ᠤ᠋ ᠳᠠᠷᠠᠭ᠎ᠠ ᠲᠡᠳᠡᠨ ᠦ᠌ ᠨᠥᠯᠥᠭᠡ ᠠᠭᠠᠵᠢᠮ ᠢ᠋ᠶ᠋ᠠᠷ ᠪᠠᠭᠤᠷᠠᠵᠤ ᠡᠬᠢᠯᠡᠭᠰᠡᠨ᠂ ᠲᠦᠷᠺ ᠬᠡᠯᠡᠲᠡᠨ ᠨᠤᠭᠦᠳ ᠦ᠋ᠨ ᠨᠥᠯᠥᠭᠡ ᠪᠠᠭᠤᠷᠠᠬᠤ ᠲᠠᠢ ᠵᠡᠷᠭᠡᠴᠡᠨ ᠬᠦᠴᠦᠷᠬᠡᠭ ᠵᠦᠵᠡᠨ ᠤᠯᠤᠰ ᠤ᠋ᠨ ᠨᠢᠭᠡᠨ ᠬᠡᠰᠡᠭ ᠪᠣᠯᠬᠤ ᠲᠠᠲ᠋ᠠᠷ ᠤ᠋ᠳ ᠲᠠᠯ᠎ᠠ ᠨᠤᠲᠤᠭ ᠢ᠋ ᠬᠢᠨᠠᠯᠲᠠ ᠳ᠋ᠤ᠌ ᠪᠠᠨ ᠪᠠᠢᠯᠭᠠᠵᠤ ᠪᠠᠢᠭᠰᠠᠨ ᠨᠢ ᠮᠥᠨ ᠮᠣᠩᠭᠣᠯ ᠬᠡᠯᠡ ᠲᠡᠢ ᠤᠯᠤᠰ ᠪᠣᠯᠤᠨ᠎ᠠ᠃ ᠲᠠᠲ᠋ᠠᠷ ᠤ᠋ᠳ ᠲᠥᠷᠥᠭ ᠦ᠋ᠨ ᠬᠠᠷᠢᠶᠠᠨ ᠳ᠋ᠤ᠌ ᠣᠯᠠᠨ ᠵᠠᠭᠤᠨ ᠵᠢᠯ ᠪᠠᠢᠭᠰᠠᠨ ᠳᠦᠷᠦᠭᠵᠢᠭᠰᠡᠨ ᠮᠣᠩᠭᠣᠯ ᠬᠡᠯᠡ ᠲᠡᠢ ᠰᠣᠶᠣᠯᠲᠤ ᠠᠢᠮᠠᠭ ᠤ᠋ᠳ ᠲᠠᠢ ᠲᠠᠯ᠎ᠠ ᠨᠤᠲᠤᠭ ᠲᠤ᠌ ᠬᠡᠨ ᠨᠢ ᠨᠣᠶᠠᠷᠬᠠᠬᠤ ᠶ᠋ᠢᠨ ᠲᠥᠯᠥᠭᠡ ᠲᠡᠮᠡᠴᠡᠯᠳᠦᠵᠦ ᠪᠠᠢᠯ᠎ᠠ᠃ 
       ᠮᠥᠨ ᠡᠷᠭᠦᠨ᠎ᠡ ᠬᠤᠨ ᠤᠷᠤᠭᠤ ᠨᠡᠭᠦᠭᠡᠳ ᠪᠤᠴᠠᠵᠤ ᠢᠷᠡᠭᠰᠡᠨ ᠮᠣᠩᠭᠣᠯ ᠬᠡᠯᠡ ᠲᠡᠢ ᠠᠢᠮᠠᠭ ᠤᠳ ᠴᠦ᠍ ᠲᠠᠯ᠎ᠠ ᠨᠤᠲᠤᠭ ᠲᠤ᠌ ᠬᠡᠨ ᠨᠢ ᠨᠣᠶᠠᠷᠬᠠᠬᠤ ᠥᠷᠢᠰᠦᠯᠳᠦᠭᠡᠨ ᠳ᠋ᠦ᠍ ᠣᠷᠣᠵᠤ ᠢᠷᠡᠭᠰᠡᠨ᠂ ᠵᠦᠵᠡᠨ ᠦ᠌ ᠪᠦᠷᠢᠯᠳᠦᠬᠦᠨ ᠬᠡᠰᠡᠭ ᠡᠳᠡᠭᠡᠷ ᠲᠠᠲ᠋ᠠᠷ᠂ ᠮᠣᠩᠭᠣᠯ᠂ ᠨᠠᠢ᠍ᠮᠠᠨ᠂ ᠮᠡᠷᠭᠡᠳ᠂ ᠬᠡᠷᠡᠢᠳ ᠭᠡᠬᠦ ᠮᠡᠲᠦ ᠤᠯᠤᠰ ᠤ᠋ᠳ ᠨᠢ ᠬᠣᠭᠣᠷᠣᠨᠳᠣ ᠪᠠᠨ ᠲᠡᠮᠡᠴᠡᠯᠳᠦᠵᠦ ᠪᠠᠢᠬᠤ ᠵᠠᠭᠤᠷ᠎ᠠ ᠡᠮᠦᠨ᠎ᠡ ᠵᠦᠭ ᠲᠦ᠍ ᠥᠭᠡᠷ᠎ᠡ ᠨᠢᠭᠡᠨ ᠮᠣᠩᠭᠣᠯ ᠬᠡᠯᠡ ᠲᠡᠢ ᠤᠯᠤᠰ ᠬᠦᠴᠦᠷᠬᠡᠭᠵᠢᠨ ᠳᠡᠯᠡᠬᠡᠢ ᠶ᠋ᠢᠨ ᠲᠡᠦᠬᠡᠨ ᠳ᠋ᠦ᠍ ᠬᠦᠴᠦᠷᠬᠡᠭ ᠲᠦ᠍ ᠲᠣᠭᠠᠴᠠᠭᠳᠠᠬᠤ ᠥᠪᠡᠷᠰᠡᠳ ᠦ᠋ᠨ ᠢ᠋ᠶ᠋ᠡᠨ ᠤᠯᠤᠰ ᠢ᠋ ᠪᠠᠢᠭᠤᠯᠤᠭᠰᠠᠨ ᠨᠢ ᠬᠢᠳᠠᠨ ᠨᠠᠷ ᠪᠤᠶᠤ ᠶᠡᠬᠡ ᠯᠢᠶᠣᠣ ᠤᠯᠤᠰ ᠪᠠᠢᠯ᠎ᠠ᠃ ᠲᠠ ᠪᠦᠬᠦᠨ ᠰᠠᠨᠠᠵᠤ ᠪᠠᠢᠪᠠᠯ ᠰᠢᠶᠠᠨᠪᠧᠢ ᠨᠠᠷ ᠤ᠋ᠨ ᠨᠢᠭᠡᠨ ᠬᠡᠰᠡᠭ ᠡᠮᠦᠨ᠎ᠡ ᠵᠦᠭ ᠲᠦ᠍ ᠶᠡᠬᠡ ᠬᠢᠩᠭᠠᠨ ᠤ᠋ ᠨᠢᠷᠤᠭᠤᠨ ᠤ᠋ ᠵᠡᠭᠦᠨ ᠪᠡᠶ᠎ᠡ ᠳ᠋ᠦ᠍ ᠠᠮᠢᠳᠤᠷᠠᠬᠤ ᠪᠣᠯᠤᠭᠰᠠᠨ ᠨᠢ ᠡᠨᠡ ᠤᠯᠤᠰ ᠶᠤᠮ᠃ ᠮᠣᠩᠭᠣᠯ ᠤᠨ ᠨᠢᠭᠤᠴᠠ ᠲᠣᠪᠴᠢᠶᠠᠨ ᠳᠡᠭᠡᠷ᠎ᠡ ᠭᠠᠷᠳᠠᠭ ᠪᠥᠷᠲᠡ ᠴᠢᠨᠣ᠎ᠠ ᠭᠤᠸ᠎ᠠ ᠮᠠᠷᠠᠯ ᠤ᠋ᠨ ᠦᠶ᠎ᠡ ᠳ᠋ᠦ᠍ ᠠᠮᠢᠳᠤᠷᠠᠵᠤ ᠪᠠᠢᠭᠰᠠᠨ ᠦᠶ᠎ᠡ ᠪᠣᠯ ᠶᠠᠭ ᠡᠨᠡ ᠴᠠᠭ ᠦᠶ᠎ᠡ ᠪᠣᠯᠤᠨ᠎ᠠ᠃
       ᠲᠡᠳᠡ ᠮᠣᠩᠭᠣᠯ ᠬᠡᠯᠡ ᠪᠡᠷ ᠶᠠᠷᠢᠳᠠᠭ ᠮᠣᠩᠭᠣᠯ ᠠᠬᠤᠢ ᠰᠣᠶᠣᠯ ᠲᠠᠢ ᠪᠣᠯᠪᠠᠴᠤ ᠡᠮᠦᠨ᠎ᠡ ᠵᠦᠭ ᠦ᠋ᠨ ᠤᠯᠤᠰ ᠤᠳ ᠤ᠋ᠨ ᠡᠳ᠋ ᠦ᠋ᠨ ᠵᠠᠰᠠᠭ᠂ ᠰᠣᠶᠣᠯ ᠠᠬᠤᠢ  ᠠᠮᠢᠳᠤᠷᠠᠯ ᠤ᠋ᠨ ᠨᠥᠯᠥᠭᠡ ᠶ᠋ᠢ ᠠᠪᠤᠭᠰᠠᠨ ᠪᠠᠢᠯ᠎ᠠ᠃ ᠲᠡᠳᠡ ᠬᠡᠳᠦᠢᠪᠡᠷ ᠮᠣᠩᠭᠣᠯ ᠬᠡᠯᠡ ᠲᠡᠢ ᠪᠣᠯᠪᠠᠴᠤ ᠲᠠᠲ᠋ᠠᠷ ᠮᠣᠩᠭᠣᠯ ᠬᠡᠷᠡᠢᠳ ᠭᠡᠬᠦ ᠮᠡᠲᠦ ᠵᠦᠵᠡᠨ ᠨᠠᠷ ᠤ᠋ᠨ ᠣᠯᠠᠨ ᠮᠣᠩᠭᠣᠯ ᠬᠡᠯᠡ ᠲᠡᠢ ᠤᠯᠤᠰ ᠠᠢᠮᠠᠭ ᠤ᠋ᠳ ᠲᠠᠢ ᠥᠪᠡᠷ ᠢ᠋ ᠪᠡᠨ ᠵᠡᠷᠭᠡᠴᠡᠭᠦᠯᠦᠨ ᠦᠵᠡᠳᠡᠭ ᠦᠭᠡᠢ ᠪᠠᠢᠭᠰᠠᠨ᠃ ᠤᠴᠢᠷ ᠨᠢ ᠪᠦᠷ ᠡᠮᠦᠨ᠎ᠡ ᠪᠤᠶᠤ ᠳᠣᠯᠣᠭᠠᠨ  ᠵᠠᠭᠤᠭᠠᠳ ᠵᠢᠯ ᠦ᠋ᠨ ᠡᠮᠦᠨ᠎ᠡ ᠭᠠᠵᠠᠷ ᠨᠤᠲᠤᠭ ᠰᠣᠶᠣᠯ ᠤ᠋ᠨ ᠬᠤᠪᠢ ᠳ᠋ᠤ᠌ ᠰᠠᠯᠵᠤ ᠲᠤᠰ ᠲᠠᠭᠠᠨ ᠬᠥᠭᠵᠢᠭᠰᠡᠨ ᠲᠡᠢ ᠬᠣᠯᠪᠣᠭ᠎ᠠ ᠲᠠᠢ᠂ ᠲᠡᠳᠡ ᠳᠣᠯᠣᠭᠠᠨ ᠵᠠᠭᠤᠭᠠᠳ ᠵᠢᠯ ᠦ᠋ᠨ ᠲᠤᠷᠰᠢ ᠮᠠᠨᠵᠤ ᠲᠦᠩᠭᠦᠰ ᠨᠠᠷ ᠤ᠋ᠨ ᠡᠪᠦᠭᠡ ᠳᠡᠭᠡᠳᠦᠰ᠂ ᠵᠠ ᠮᠥᠨ ᠡᠮᠦᠨ᠎ᠡ ᠵᠦᠭ ᠦ᠋ᠨ ᠬᠠᠨ ᠦᠨᠳᠦᠰᠦᠲᠡᠨ ᠲᠡᠢ ᠵᠡᠷᠭᠡᠴᠡᠨ ᠠᠮᠢᠳᠤᠷᠠᠵᠤ ᠪᠠᠢᠯ᠎ᠠ᠃ ᠬᠢᠳᠠᠨ ᠭᠦᠷᠦᠨ ᠵᠦᠵᠠᠨ ᠤ᠋ ᠪᠦᠷᠢᠯᠳᠦᠬᠦᠨ ᠲᠠᠲ᠋ᠠᠷ ᠬᠠᠮᠤᠭ ᠮᠣᠩᠭᠣᠯ ᠨᠠᠢ᠍ᠮᠠᠨ ᠬᠡᠷᠡᠢᠳ ᠨᠠᠷ ᠢ᠋ ᠨᠥᠯᠦᠭᠡᠨ ᠳ᠋ᠡᠭᠡᠨ ᠣᠷᠣᠭᠤᠯᠤᠨ ᠮᠣᠩᠭᠣᠯ ᠤ᠋ᠨ ᠲᠠᠯ᠎ᠠ ᠨᠤᠲᠤᠭ ᠢ᠋ ᠡᠷᠬᠡᠰᠢᠶᠡᠯ ᠳ᠋ᠡᠭᠡᠨ ᠪᠠᠷᠢᠵᠤ ᠪᠠᠢᠭᠠᠳ ᠠᠷᠪᠠᠨ ᠬᠣᠶᠠᠳᠤᠭᠠᠷ ᠵᠠᠭᠤᠨ ᠤ᠋ ᠡᠬᠢᠨ ᠳ᠋ᠦ᠍ ᠵᠦᠷᠴᠢᠳ ᠦ᠋ᠨ ᠪᠣᠰᠤᠯᠭ᠎ᠠ ᠲᠡᠮᠡᠴᠡᠯ ᠳ᠋ᠦ᠍ ᠳᠠᠷᠤᠭᠳᠠᠨ ᠮᠥᠬᠥᠭᠰᠡᠨ ᠪᠠᠢᠨ᠎ᠠ᠃ ᠬᠢᠳᠠᠨ ᠤᠯᠤᠰ ᠮᠥᠬᠥᠬᠦ ᠳ᠋ᠦ᠍ ᠲᠡᠳᠡᠨ ᠦ᠌ ᠲᠠᠯ᠎ᠠ ᠳ᠋ᠤ᠌ ᠬᠠᠮᠤᠭ ᠮᠣᠩᠭᠣᠯᠴᠤᠳ ᠤ᠋ᠨ ᠤᠭᠰᠠᠭ᠎ᠠ ᠭᠠᠷᠪᠠᠯᠢ ᠬᠡᠯᠡ ᠨᠢᠭᠡ ᠲᠡᠢ ᠴᠡᠷᠢᠭ ᠦ᠋ᠨ ᠬᠦᠴᠦ ᠪᠡᠷ ᠲᠤᠰᠠᠯᠠᠵᠤ ᠪᠠᠢᠭᠰᠠᠨ ᠭᠡᠳᠡᠭ ᠮᠡᠳᠡᠭᠡ ᠪᠠᠷᠢᠮᠲᠠ ᠪᠠᠢᠳᠠᠭ᠃ ᠬᠢᠳᠠᠨ ᠨᠠᠷ ᠤ᠋ᠨ ᠶᠡᠬᠡ ᠯᠢᠶᠣᠣ ᠤᠯᠤᠰ ᠮᠥᠬᠥᠬᠦ ᠳ᠋ᠦ᠍ ᠬᠢᠳᠠᠨ ᠤ᠋ ᠨᠢᠭᠡᠨ ᠬᠡᠰᠡᠭ ᠳᠤᠮᠳᠠᠳᠤ ᠠᠽᠢᠶ᠎ᠠ ᠳ᠋ᠤ᠌ ᠬᠠᠷ᠎ᠠ ᠬᠢᠳᠠᠨ ᠤᠯᠤᠰ ᠢ᠋ ᠪᠠᠢᠭᠤᠯᠤᠭᠰᠠᠨ᠃ ᠮᠠᠨ ᠤ᠋ ᠮᠣᠩᠭᠣᠯ ᠤ᠋ᠨ ᠶᠡᠬᠡ ᠮᠣᠩᠭᠣᠯ ᠤᠯᠤᠰ ᠲᠠᠢ ᠵᠡᠷᠭᠡᠴᠡᠨ ᠣᠷᠣᠰᠢᠵᠤ ᠪᠠᠢᠭᠰᠠᠨ ᠬᠦᠴᠦᠷᠬᠡᠭ  ᠤᠯᠤᠰ ᠪᠣᠯᠤᠨ᠎ᠠ᠃  ᠬᠢᠳᠠᠨ ᠨᠠᠷ ᠮᠥᠬᠥᠭᠰᠡᠨ ᠦ᠌ ᠳᠠᠷᠠᠭ᠎ᠠ ᠮᠣᠩᠭᠣᠯ ᠬᠡᠯᠡ ᠲᠡᠢ ᠠᠷᠠᠳ ᠲᠦᠮᠡᠨ ᠮᠠᠨᠵᠤ᠂ ᠲᠦᠩᠭᠦᠰ ᠬᠡᠯᠡ ᠲᠠᠢ ᠠᠷᠠᠳ ᠲᠦᠮᠡᠨ ᠲᠡᠢ ᠵᠡᠷᠭᠡᠴᠡᠨ ᠠᠮᠢᠳᠤᠷᠠᠬᠤ ᠪᠣᠯᠵᠤ ᠲᠡᠳᠡᠨ ᠲᠡᠢ ᠤᠯᠤᠰ ᠲᠥᠷᠥ ᠶ᠋ᠢᠨ ᠡᠳ᠋ ᠦ᠋ᠨ ᠵᠠᠰᠠᠭ ᠤ᠋ᠨ ᠬᠠᠷᠢᠯᠴᠠᠭᠠᠨ ᠳ᠋ᠤ᠌ ᠣᠷᠣᠬᠤ ᠪᠣᠯᠤᠭᠰᠠᠨ᠂ ᠡᠨᠳᠡ ᠨᠢᠭᠡᠨ ᠲᠡᠦᠬᠡᠨ ᠰᠣᠨᠢᠷᠬᠠᠯ ᠲᠠᠢ ᠦᠵᠡᠭᠳᠡᠯ ᠪᠠᠢᠳᠠᠭ ᠨᠢ ᠬᠢᠳᠠᠨ ᠤᠯᠤᠰ ᠮᠥᠬᠥᠭᠰᠡᠨ ᠡᠴᠡ ᠬᠣᠢᠰᠢ ᠤᠷᠢᠳᠤ ᠵᠦᠭ ᠲᠦ᠍ ᠣᠷᠣᠰᠢᠨ ᠲᠣᠭᠲᠠᠨᠢᠳᠠᠭ ᠤᠯᠤᠰ ᠤ᠋ᠳ ᠢ᠋ ᠮᠣᠩᠭᠣᠯᠴᠤᠳ ᠬᠢᠳᠠᠨ ᠬᠢᠲᠠᠳ ᠭᠡᠬᠦ ᠮᠡᠲᠦ ᠪᠡᠷ ᠨᠡᠷᠡᠯᠡᠬᠦ ᠪᠣᠯᠤᠭᠰᠠᠨ᠂ ᠪᠦᠷ ᠠᠷᠪᠠᠨ ᠳᠣᠯᠣᠳᠤᠭᠠᠷ ᠵᠠᠭᠤᠨ ᠳ᠋ᠤ᠌ ᠬᠦᠷᠰᠢ ᠤᠯᠤᠰ ᠤ᠋ᠳ  ᠢ᠋ᠶ᠋ᠠᠨ ᠰᠢᠷ᠎ᠠ ᠬᠢᠲᠠᠳ᠂ ᠬᠠᠷ᠎ᠠ ᠬᠢᠲᠠᠳ ᠭᠡᠬᠦ ᠮᠡᠲᠦ ᠪᠡᠷ ᠠᠩᠭᠢᠯᠠᠨ ᠢᠯᠭᠠᠵᠤ ᠪᠠᠢᠭᠰᠠᠨ ᠲᠣᠬᠢᠶᠠᠯᠳᠤᠯ ᠴᠦ᠍ ᠪᠠᠢᠭᠰᠠᠨ ᠢ᠋ ᠳᠤᠷᠠᠳᠬᠤ ᠬᠡᠷᠡᠭᠲᠡᠢ᠃ 
       ᠬᠢᠳᠠᠨ ᠨᠤᠭᠤᠳ ᠤ᠋ᠨ ᠨᠣᠶᠠᠷᠬᠠᠯ ᠮᠣᠩᠭᠣᠯ ᠤ᠋ᠨ ᠲᠠᠯ᠎ᠠ ᠨᠤᠲᠤᠭ ᠲᠤ᠌ ᠤᠨᠠᠭᠰᠠᠨ ᠢ᠋ᠶ᠋ᠠᠷ ᠳᠠᠬᠢᠨ ᠮᠠᠰᠢ ᠰᠢᠷᠦᠭᠦᠨ ᠲᠡᠮᠡᠴᠡᠯ ᠥᠷᠨᠢᠵᠦ ᠡᠬᠢᠯᠡᠭᠰᠡᠨ᠃ ᠡᠨᠡ ᠦᠶ᠎ᠡ ᠶ᠋ᠢ ᠮᠣᠩᠭᠣᠯ ᠤ᠋ᠨ ᠨᠢᠭᠤᠴᠠ ᠲᠣᠪᠴᠢᠶᠠᠨ ᠳ᠋ᠤ᠌᠂ ᠣᠳᠣᠲᠠᠢ ᠲᠩᠷᠢ ᠣᠷᠴᠢᠵᠤ ᠣᠯᠠᠨ ᠤᠯᠤᠰ ᠪᠠᠢᠯᠳᠤᠵᠤ᠂ ᠣᠷᠣᠨ ᠳ᠋ᠤ᠌ ᠪᠠᠨ ᠣᠷᠣᠬᠤ ᠵᠠᠪ ᠦᠭᠡᠢ ᠠᠯᠠᠯᠴᠠᠨ ᠪᠤᠯᠢᠶᠠᠯᠳᠤᠵᠤ ᠪᠠᠢᠪᠠ᠃ ᠬᠥᠷᠥᠰᠥᠲᠦ ᠳᠡᠯᠡᠬᠡᠢ ᠬᠥᠷᠪᠡᠵᠦ ᠬᠥᠪᠴᠢᠨ ᠤᠯᠤᠰ ᠬᠢᠮᠤᠷᠠᠯᠳᠤᠵᠤ ᠬᠥᠨᠵᠢᠯᠡ ᠳ᠋ᠡᠭᠡᠨ ᠤᠨᠲᠠᠬᠤ ᠵᠠᠪ ᠦᠭᠡᠢ ᠬᠥᠨᠥᠭᠡᠯᠲᠡ ᠲᠡᠮᠡᠴᠡᠵᠦ ᠪᠠᠢᠪᠠ ᠭᠡᠮᠡᠨ ᠲᠡᠮᠳᠡᠭᠯᠡᠭᠰᠡᠨ ᠪᠠᠢᠳᠠᠭ᠃ ᠡᠢᠨᠬᠦ ᠲᠠᠯ᠎ᠠ ᠨᠤᠲᠤᠭ ᠲᠤ᠌ ᠬᠡᠨ ᠨᠢ ᠨᠣᠶᠠᠷᠬᠠᠬᠤ ᠶ᠋ᠢᠨ ᠲᠥᠯᠥᠭᠡ ᠥᠷᠢᠰᠦᠯᠳᠦᠭᠡᠨ ᠪᠣᠢ ᠪᠣᠯᠵᠤ ᠪᠠᠢᠬᠤ ᠦᠶ᠎ᠡ ᠳ᠋ᠦ᠍ ᠨᠢᠭᠡᠨ ᠬᠥᠪᠡᠭᠦᠨ ᠲᠥᠷᠥᠭᠰᠡᠨ ᠨᠢ ᠮᠣᠩᠭᠣᠯ ᠬᠡᠯᠡ ᠲᠡᠢ ᠠᠷᠠᠳ ᠲᠦᠮᠡᠨ ᠦ᠌ ᠰᠤᠤᠲᠤ ᠬᠦᠦ ᠳᠡᠯᠡᠬᠡᠢ ᠶᠢᠷᠲᠢᠨᠴᠦ ᠶ᠋ᠢ ᠪᠠᠢᠯᠳᠤᠨ ᠳᠠᠭᠠᠭᠤᠯᠤᠭᠴᠢ ᠮᠣᠩᠭᠣᠯ ᠦᠨᠳᠦᠰᠦᠲᠡᠨ ᠦ᠌ ᠡᠴᠢᠭᠡ ᠡᠵᠡᠨ ᠪᠣᠭᠳᠠ ᠴᠢᠩᠭᠢᠰ ᠬᠠᠭᠠᠨ ᠪᠠᠢᠯ᠎ᠠ᠃ ᠴᠢᠩᠭᠢᠰ ᠬᠠᠭᠠᠨ ᠠ᠋ᠴᠠ ᠡᠮᠦᠨ᠎ᠡ ᠮᠣᠩᠭᠣᠯ ᠬᠡᠯᠡ ᠰᠣᠶᠣᠯ ᠮᠣᠩᠭᠣᠯ ᠠᠷᠠᠳ ᠲᠦᠮᠡᠨ ᠪᠠᠢᠭᠰᠠᠨ ᠴᠦ᠍ ᠲᠡᠳᠡᠭᠡᠷ ᠠᠷᠠᠳ ᠲᠦᠮᠡᠨ ᠬᠣᠭᠣᠷᠣᠨᠳᠣ ᠪᠠᠨ ᠲᠡᠮᠡᠴᠡᠯᠳᠦᠵᠦ ᠦᠢᠮᠡᠭᠡᠨ ᠰᠠᠮᠠᠭᠤᠨ ᠲᠠᠲᠠᠵᠤ ᠨᠢᠭᠡ ᠦᠨᠳᠦᠰᠦᠲᠡᠨ ᠭᠡᠬᠦ ᠣᠢᠯᠠᠭᠠᠯᠲᠠ ᠪᠠᠢᠬᠤ ᠦᠭᠡᠢ ᠪᠠᠢᠯ᠎ᠠ᠃ ᠡᠢᠨᠬᠦ ᠮᠣᠩᠭᠣᠯ ᠦᠨᠳᠦᠰᠦᠲᠡᠨ ᠳᠡᠯᠡᠬᠡᠢ ᠶ᠋ᠢᠨ ᠲᠡᠦᠬᠡᠨ ᠳ᠋ᠡᠬᠢ ᠬᠠᠮᠤᠭ ᠤ᠋ᠨ ᠠᠭᠤᠤ ᠡᠵᠡᠨᠲᠦ ᠭᠦᠷᠦᠨ ᠢ᠋ ᠪᠠᠢᠭᠤᠯᠵᠤ ᠴᠢᠳᠠᠭᠰᠠᠨ ᠶᠤᠮ ᠠ᠋᠃ ᠶᠡᠬᠡ ᠮᠣᠩᠭᠣᠯ ᠤᠯᠤᠰ ᠪᠠᠢᠭᠤᠯᠤᠭᠳᠠᠵᠤ ᠮᠣᠩᠭᠣᠯ ᠤ᠋ᠨ ᠡᠵᠡᠨᠲᠦ ᠭᠦᠷᠦᠨ ᠳᠡᠯᠡᠬᠡᠢ ᠶ᠋ᠢᠨ ᠳᠠᠢᠳᠤ ᠶ᠋ᠢ ᠨᠥᠯᠦᠭᠡᠨ ᠳ᠋ᠡᠭᠡᠨ  ᠣᠷᠣᠭᠤᠯᠤᠭᠰᠠᠨ ᠢ᠋ᠶ᠋ᠠᠷ ᠮᠣᠩᠭᠣᠯ ᠬᠡᠯᠡ ᠰᠣᠶᠣᠯ ᠤ᠋ᠨ ᠨᠥᠯᠥᠭᠡ  ᠧᠦ᠋ᠷᠣᠫᠠ  ᠠᠽᠢᠶ᠎ᠠ ᠶ᠋ᠢᠨ ᠪᠦᠰᠡ ᠨᠤᠲᠤᠭ ᠲᠤ᠌ ᠮᠠᠰᠢ ᠶᠡᠬᠡ ᠨᠥᠯᠥᠭᠡ ᠦᠵᠡᠭᠦᠯᠵᠦ ᠡᠬᠢᠯᠡᠭᠰᠡᠨ᠂ ᠲᠤᠬᠠᠢᠯᠠᠪᠠᠯ ᠮᠣᠩᠭᠣᠯ ᠤ᠋ᠨ ᠡᠵᠡᠨᠲᠦ ᠭᠦᠷᠦᠨ ᠦ᠌ ᠪᠦᠷᠢᠯᠳᠦᠬᠦᠨ ᠳ᠋ᠦ᠍ ᠪᠠᠢᠭᠰᠠᠨ ᠤᠯᠤᠰ ᠤ᠋ᠳ ᠲᠤ᠌ ᠣᠳᠣ  ᠬᠦᠷᠲᠡᠯ᠎ᠡ ᠮᠣᠩᠭᠣᠯ ᠬᠡᠯᠡᠨ ᠦ᠌ ᠦᠭᠡᠰ ᠮᠠᠰᠢ ᠣᠯᠠᠨ ᠪᠠᠢᠳᠠᠭ᠃ ᠮᠥᠨ ᠠᠷᠪᠠᠨ ᠭᠤᠷᠪᠠᠳᠤᠭᠠᠷ ᠵᠠᠭᠤᠨ ᠤ᠋ ᠰᠡᠭᠦᠯ ᠠᠷᠪᠠᠨ ᠳᠥᠷᠪᠡᠳᠦᠭᠡᠷ ᠵᠠᠭᠤᠨ ᠤ᠋ ᠡᠬᠢᠨ ᠳ᠋ᠦ᠍ ᠠᠮᠢᠳᠤᠷᠠᠵᠤ ᠪᠠᠢᠭᠰᠠᠨ ᠮᠣᠩᠭᠣᠯ ᠪᠢᠴᠢᠭ ᠦ᠋ᠨ ᠶᠡᠬᠡ ᠡᠷᠳᠡᠮᠲᠡᠨ ᠴᠤᠢᠵᠢᠡᠤᠤᠡᠽᠠᠷ《ᠮᠣᠩᠭᠣᠯ ᠬᠡᠯᠡᠨ ᠦ᠌ ᠵᠢᠷᠤᠮᠯᠠᠬᠤ ᠬᠡᠯᠡᠨ ᠵᠦᠢ ᠶ᠋ᠢᠨ ᠪᠢᠴᠢᠭ》  ᠊ᠢ ᠵᠣᠬᠢᠶᠠᠭᠰᠠᠨ ᠨᠢ ᠮᠣᠩᠭᠣᠯ ᠬᠡᠯᠡᠨ ᠦ᠌ ᠬᠥᠭᠵᠢᠯᠲᠡ ᠳ᠋ᠦ᠍ ᠮᠠᠰᠢ ᠶᠡᠬᠡ ᠬᠤᠪᠢ ᠨᠡᠮᠡᠷᠢ ᠪᠣᠯᠤᠭᠰᠠᠨ ᠪᠠᠢᠨ᠎ᠠ᠃
       ᠡᠵᠡᠨᠲᠦ ᠭᠦᠷᠦᠨ ᠦ᠌ ᠤᠨᠠᠯᠲᠠ ᠶ᠋ᠢᠨ ᠳᠠᠷᠠᠭ᠎ᠠ ᠬᠡᠳᠦᠢᠪᠡᠷ ᠮᠣᠩᠭᠣᠯ ᠬᠡᠯᠡᠨ ᠦ᠌ ᠨᠥᠯᠥᠭᠡ ᠲᠠᠷᠬᠠᠴᠠ ᠪᠠᠭᠤᠷᠠᠭᠰᠠᠨ ᠴᠤ᠌ ᠪᠦᠰᠡ ᠨᠤᠲᠤᠭ ᠲᠠᠭᠠᠨ ᠨᠥᠯᠥᠭᠡ ᠲᠡᠢ ᠬᠡᠪ ᠢ᠋ᠶ᠋ᠡᠷ ᠪᠠᠢᠭᠰᠠᠨ ᠶᠤᠮ᠃ ᠲᠤᠬᠠᠢᠯᠠᠪᠠᠯ ᠠᠷᠪᠠᠨ ᠳᠣᠯᠣᠳᠤᠭᠠᠷ ᠵᠠᠭᠤᠨ ᠤ᠋ ᠡᠬᠢᠨ ᠦ᠌ ᠦᠶ᠎ᠡ ᠳ᠋ᠦ᠍ ᠰᠣᠯᠣᠩᠭᠣᠰ ᠤᠯᠤᠰ ᠪᠤᠶᠤ ᠲᠤᠬᠠᠢ ᠶ᠋ᠢᠨ ᠴᠠᠭ ᠦᠶ᠎ᠡ ᠶ᠋ᠢᠨ  ᠴᠣᠰᠣᠨ ᠤᠯᠤᠰ ᠲᠤ᠌ ᠠᠯᠪᠠᠨ ᠶᠣᠰᠣ ᠪᠠᠷ ᠮᠣᠩᠭᠣᠯ ᠬᠡᠯᠡ ᠵᠢᠭᠠᠳᠠᠭ ᠠᠩᠭᠢ ᠬᠦᠷᠲᠡᠯ᠎ᠡ ᠪᠠᠢᠳᠠᠭ ᠪᠠᠢᠯ᠎ᠠ᠃ ᠵᠡᠭᠦᠨᠭᠠᠷ ᠤ᠋ᠨ ᠬᠠᠭᠠᠨᠲᠤ ᠤᠯᠤᠰ ᠳᠤᠮᠳᠠᠳᠤ ᠠᠽᠢᠶ᠎ᠠ ᠶ᠋ᠢ ᠬᠢᠨᠠᠯᠲᠠ ᠳ᠋ᠤ᠌ ᠪᠠᠨ ᠪᠠᠷᠢᠵᠤ ᠲᠣᠷᠭᠠᠨ ᠵᠠᠮ ᠤ᠋ᠨ ᠬᠤᠳᠠᠯᠳᠤᠭ᠎ᠠ ᠮᠠᠢᠮᠠᠢᠨ ᠤ᠋ ᠭᠣᠣᠯ ᠵᠠᠩᠭᠢᠯᠠᠭ᠎ᠠ ᠨᠤᠭᠤᠳ ᠲᠤ᠌ ᠨᠥᠯᠥᠭᠡ ᠪᠡᠨ ᠲᠣᠭᠲᠠᠭᠠᠭᠠᠳ ᠪᠠᠢᠭᠰᠠᠨ ᠨᠢ ᠲᠤᠬᠠᠢ ᠶ᠋ᠢᠨ ᠪᠦᠰᠡ ᠨᠤᠲᠤᠭ ᠲᠤ᠌ ᠮᠣᠩᠭᠣᠯ ᠬᠡᠯᠡ ᠨᠥᠯᠥᠭᠡ ᠲᠡᠢ ᠪᠠᠢᠭᠰᠠᠨ ᠢ᠋ ᠢᠯᠡᠳᠬᠡᠨ᠎ᠡ᠃ ᠬᠠᠷᠢᠨ ᠮᠠᠨᠵᠤ ᠶ᠋ᠢᠨ ᠡᠷᠬᠡᠰᠢᠶᠡᠯ ᠦ᠋ᠨ ᠡᠨᠡ ᠬᠦ᠌ ᠦᠶ᠎ᠡ ᠳ᠋ᠦ᠍ ᠮᠣᠩᠭᠣᠯ  ᠬᠡᠯᠡᠨ ᠦ᠌ ᠨᠥᠯᠥᠭᠡ ᠬᠤᠷᠳᠤᠴᠠ ᠲᠠᠢ ᠪᠠᠭᠤᠷᠠᠭᠰᠠᠨ ᠨᠢ ᠵᠡᠭᠦᠨᠭᠠᠷ ᠤ᠋ᠨ ᠨᠤᠲᠤᠭ ᠲᠠᠬᠢ ᠶᠡᠬᠡ ᠬᠢᠳᠤᠯᠭ᠎ᠠ ᠲᠣᠷᠭᠠᠨ ᠤ᠋ ᠵᠠᠮ ᠢ᠋ ᠬᠢᠨᠠᠯᠲᠠ ᠠ᠋ᠴᠠ ᠪᠠᠨ ᠠᠯᠳᠠᠭᠰᠠᠨ ᠶᠠᠪᠤᠳᠠᠯ᠂ ᠬᠠᠭᠠᠨᠲᠤ ᠣᠷᠣᠰ ᠤ᠋ᠨ ᠳᠣᠷᠣᠨᠠᠲᠤ ᠰᠸᠪᠸᠷᠢᠶ᠎ᠡ ᠤᠷᠤᠭᠤ ᠲᠡᠯᠡᠬᠦ ᠲᠠᠯᠠᠯᠲᠠ ᠲᠠᠢ ᠭᠦᠨᠵᠡᠭᠡᠢ ᠬᠣᠯᠪᠣᠭ᠎ᠠ ᠲᠠᠢ᠃ ᠬᠡᠳᠦᠢ ᠪᠡᠷ ᠮᠣᠩᠭᠣᠯᠴᠤᠳ ᠤ᠋ᠨ ᠲᠠᠯᠠᠯᠲᠠ ᠡᠨᠡ ᠬᠦᠷᠦᠭᠡᠳ ᠵᠣᠭᠰᠣᠭᠰᠠᠨ᠂ ᠮᠣᠩᠭᠣᠯ ᠳᠡᠯᠡᠬᠡᠢ ᠶ᠋ᠢᠨ ᠪᠤᠰᠤᠳ ᠤᠯᠤᠰ ᠠ᠋ᠴᠠ ᠠᠯᠤᠰᠯᠠᠭᠳᠠᠮᠠᠯ ᠪᠦᠰᠡ ᠨᠤᠲᠤᠭ ᠪᠣᠯᠵᠤ ᠬᠣᠴᠣᠷᠤᠭᠰᠠᠨ ᠲᠡᠳᠦᠢ ᠴᠦ᠍ ᠪᠤᠷᠬᠠᠨ ᠤ᠋ ᠱᠠᠰᠢᠨ ᠪᠣᠯᠤᠨ ᠲᠡᠦᠬᠡ ᠰᠣᠶᠣᠯ ᠤ᠋ᠨ ᠣᠯᠠᠨ ᠪᠦᠲᠦᠭᠡᠯ ᠮᠣᠩᠭᠣᠯ ᠬᠡᠯᠡ ᠳᠡᠭᠡᠷ᠎ᠡ ᠪᠦᠲᠦᠭᠡᠭᠳᠡᠵᠦ ᠪᠠᠢᠯ᠎ᠠ᠃   
       ᠬᠣᠷᠢᠳᠤᠭᠠᠷ ᠵᠠᠭᠤᠨ ᠤ᠋ ᠡᠬᠢᠨ ᠭᠡᠬᠦ ᠳ᠋ᠦ᠍ ᠮᠣᠩᠭᠣᠯ ᠤᠯᠤᠰ ᠲᠤᠰᠠᠭᠠᠷ ᠲᠣᠭᠲᠠᠨᠢᠵᠤ1946 ᠣᠨ ᠠ᠋ᠴᠠ ᠡᠬᠢᠯᠡᠨ  ᠺᠢᠷᠢᠯ ᠪᠢᠴᠢᠭ ᠲᠦ᠍ ᠰᠢᠯᠵᠢᠭᠰᠡᠨ᠂ ᠡᠢᠨᠬᠦ ᠺᠢᠷᠢᠯ ᠪᠢᠴᠢᠭ ᠳᠡᠭᠡᠷ᠎ᠡ ᠰᠢᠯᠵᠢᠬᠦ ᠳ᠋ᠦ᠍ ᠬᠠᠯᠬ᠎ᠠ ᠠᠶᠠᠯᠭᠤ ᠳᠡᠭᠡᠷ᠎ᠡ ᠲᠤᠯᠭᠠᠭᠤᠷᠢᠯᠠᠵᠤ ᠮᠣᠩᠭᠣᠯ ᠬᠡᠯᠡᠨ ᠦ᠌ ᠳᠦᠷᠢᠮ ᠲᠣᠭᠲᠠᠴᠠ ᠣᠷᠴᠢᠨ ᠴᠠᠭ ᠤ᠋ᠨ ᠮᠣᠩᠭᠣᠯ ᠬᠡᠯᠡ ᠪᠤᠶᠤ ᠺᠠᠯᠠᠰᠢᠺᠠ ᠰᠣᠩᠭᠣᠳᠠᠭ ᠮᠣᠩᠭᠣᠯ ᠬᠡᠯᠡ ᠪᠣᠢ ᠪᠣᠯᠵᠠᠢ᠃ ᠺᠢᠷᠢᠯ ᠪᠢᠴᠢᠭ ᠲᠦ᠍ ᠰᠢᠯᠵᠢᠭᠰᠡᠨ ᠮᠣᠩᠭᠣᠯ ᠬᠡᠯᠡ ᠶ᠋ᠢ ᠳᠡᠯᠡᠬᠡᠢ ᠶ᠋ᠢᠨ ᠰᠢᠨᠵᠢᠯᠡᠬᠦ ᠤᠬᠠᠭᠠᠨ ᠲᠠᠢ ᠣᠢᠷᠠᠲᠤᠭᠤᠯᠵᠤ ᠡᠷᠳᠡᠮ ᠰᠢᠨᠵᠢᠯᠡᠭᠡᠨ ᠦ᠌ ᠡᠷᠭᠢᠯᠲᠡ ᠳ᠋ᠦ᠍ ᠮᠣᠩᠭᠣᠯ ᠬᠡᠯᠡ ᠶ᠋ᠢ ᠣᠢᠷᠳᠤᠭᠤᠯᠬᠤ ᠳ᠋ᠤ᠌ ᠳᠥᠭᠥᠮ ᠪᠣᠯᠤᠭᠰᠠᠨ ᠪᠠᠢᠨ᠎ᠠ᠃ ᠡᠳᠦᠭᠡ ᠮᠣᠩᠭᠣᠯ ᠬᠡᠯᠡᠨ ᠦ᠌ ᠲᠠᠷᠬᠠᠯᠲᠠ ᠨᠢ ᠮᠣᠩᠭᠣᠯ ᠤᠯᠤᠰ᠂ ᠣᠷᠣᠰ ᠤ᠋ᠨ ᠬᠣᠯᠪᠣᠭᠠᠨ ᠤ᠋ ᠤᠯᠤᠰ ᠤ᠋ᠨ ᠪᠤᠷᠢᠶᠠᠳ᠂ ᠬᠠᠯᠢᠮᠠᠭ ᠤ᠋ᠨ ᠪᠦᠭᠦᠳᠡ ᠨᠠᠢᠷᠠᠮᠳᠠᠬᠤ ᠤᠯᠤᠰ ᠤ᠋ᠳ᠂ ᠳᠤᠸᠠ ᠶ᠋ᠢᠨ ᠵᠠᠷᠢᠮ ᠬᠡᠰᠡᠭ᠂ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤ᠋ᠨ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ᠂ ᠮᠣᠩᠭᠣᠯ ᠤᠯᠤᠰ ᠠ᠋ᠴᠠ ᠠᠮᠧᠷᠢᠺᠠ ᠶ᠋ᠢᠨ ᠨᠢᠭᠡᠳᠦᠭᠰᠡᠨ ᠤᠯᠤᠰ᠂ᠰᠣᠯᠣᠩᠭᠣᠰ ᠶᠠᠫᠣᠨ ᠵᠡᠷᠭᠡ ᠤᠯᠤᠰ ᠤ᠋ᠳ ᠲᠤ᠌ ᠠᠵᠢᠯᠯᠠᠵᠤ ᠠᠮᠢᠳᠤᠷᠠᠵᠤ ᠪᠠᠢᠭ᠎ᠠ ᠨᠡᠢᠲᠡ 6 ᠰᠠᠶ᠎ᠠ ᠭᠠᠷᠤᠢ ᠬᠥᠮᠦᠨ ᠶᠠᠷᠢᠯᠴᠠᠵᠤ ᠪᠠᠢᠭ᠎ᠠ ᠬᠡᠯᠡ ᠪᠣᠯᠤᠨ᠎ᠠ᠃ ᠡᠨᠡ ᠲᠣᠭ᠎ᠠ ᠨᠢ ᠶᠠᠭ ᠠᠯᠪᠠᠨ ᠶᠣᠰᠣᠨ ᠤ᠋ ᠲᠣᠭ᠎ᠠ ᠪᠢᠰᠢ᠂ ᠶᠠᠭᠠᠬᠢᠭᠠᠳ ᠭᠡᠪᠡᠯ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤ᠋ᠨ ᠥᠪᠥᠷ ᠮᠣᠩᠭᠣᠯ ᠤ᠋ᠨ  ᠥᠪᠡᠷᠲᠡᠭᠡᠨ ᠵᠠᠰᠠᠬᠤ ᠣᠷᠣᠨ ᠤ᠋ ᠲᠠᠯ᠎ᠠ ᠪᠠᠷ ᠬᠢ ᠮᠡᠳᠡᠭᠡᠯᠡᠯ ᠦ᠋ᠳ ᠪᠣᠯ ᠪᠦᠳᠡᠭᠢ ᠪᠠᠳᠠᠭ ᠪᠠᠢᠳᠠᠭ᠂ ᠮᠥᠨ ᠣᠷᠣᠰ  ᠤ᠋ᠨ ᠬᠣᠯᠪᠣᠭᠠᠨ ᠤ᠋ ᠤᠯᠤᠰ ᠤ᠋ᠨ ᠪᠤᠷᠢᠶᠠᠳ ᠬᠠᠯᠢᠮᠠᠭ ᠲᠤ᠌ ᠠᠮᠢᠳᠤᠷᠠᠵᠤ ᠪᠠᠢᠭ᠎ᠠ ᠮᠣᠩᠭᠣᠯ ᠵᠠᠯᠠᠭᠤᠰ ᠨᠢ ᠥᠪᠡᠷᠰᠡᠳ ᠦ᠋ᠨ ᠲᠥᠷᠥᠯᠬᠢ ᠬᠡᠯᠡ ᠪᠡᠷ ᠶᠠᠷᠢᠳᠠᠭ ᠦᠭᠡᠢ ᠮᠡᠳᠡᠳᠡᠭ ᠦᠭᠡᠢ ᠭᠡᠰᠡᠨ ᠰᠢᠯᠲᠠᠭᠠᠨ ᠠ᠋ᠴᠠ ᠲᠣᠭᠠᠴᠢᠵᠤ ᠭᠠᠷᠭᠠᠭᠰᠠᠨ ᠳ᠋ᠦᠩ ᠪᠠᠢᠭ᠎ᠠ᠃
       ᠡᠨᠡ ᠪᠦᠬᠦᠨ ᠦ᠌ ᠳᠠᠷᠠᠭ᠎ᠠ ᠣᠷᠴᠢᠨ ᠴᠠᠭ ᠲᠤ᠌ ᠮᠣᠩᠭᠣᠯ ᠬᠡᠯᠡ ᠶᠠᠮᠠᠷ ᠶᠠᠮᠠᠷ ᠠᠶᠠᠯᠭᠤ ᠪᠠᠷ ᠬᠡᠯᠡᠯᠴᠡᠵᠦ ᠪᠠᠢᠨ᠎ᠠ ᠪᠣᠢ ᠭᠡᠬᠦ ᠠᠰᠠᠭᠤᠳᠠᠯ ᠢ᠋ ᠠᠪᠴᠤ ᠦᠵᠡᠶ᠎ᠡ᠃ ᠮᠣᠩᠭᠣᠯ ᠤ᠋ᠨ ᠨᠤᠲᠤᠭ ᠥᠷᠭᠡᠨ ᠠᠭᠤᠳᠠᠮ ᠤᠴᠢᠷ ᠡᠨᠡ ᠲᠠᠯ᠎ᠠ ᠨᠤᠲᠤᠭ ᠳᠡᠭᠡᠷ᠎ᠡ ᠠᠮᠢᠳᠤᠷᠠᠵᠤ ᠪᠠᠢᠭ᠎ᠠ ᠠᠷᠠᠳ ᠲᠦᠮᠡᠨ ᠥᠪᠡᠷ ᠥᠪᠡᠷ ᠦ᠋ᠨ ᠠᠶᠠᠯᠭᠤ ᠪᠠᠷ ᠶᠠᠷᠢᠳᠠᠭ ᠨᠢ ᠮᠣᠩᠭᠣᠯ ᠬᠡᠯᠡ ᠪᠡᠨ ᠤᠯᠠᠮ ᠪᠠᠶᠠᠯᠢᠭ ᠪᠣᠯᠭᠠᠵᠤ ᠪᠠᠢᠳᠠᠭ᠂ ᠵᠠᠷᠢᠮ ᠨᠢᠭᠡ ᠬᠥᠮᠦᠰ ᠳᠥᠷᠪᠡᠳ ᠬᠡᠯᠡ᠂ ᠣᠪᠰᠣ ᠬᠡᠯᠡ ᠭᠡᠬᠦ ᠮᠡᠲᠦ  ᠪᠡᠷ ᠶᠠᠷᠢᠭᠠᠳ ᠪᠠᠢᠳᠠᠭ᠂ ᠦᠭᠡᠢ ᠰᠢᠦ ᠭᠠᠭᠴᠠ ᠯᠠ ᠮᠣᠩᠭᠣᠯ ᠬᠡᠯᠡ ᠪᠠᠢᠭ᠎ᠠ᠂ ᠪᠤᠰᠤᠳ ᠨᠢ ᠰᠠᠯᠪᠤᠷᠢ ᠠᠶᠠᠯᠭᠤ ᠰᠢᠦ! ᠡᠳᠡᠭᠡᠷ ᠠᠶᠠᠯᠭᠤ ᠨᠤᠭᠤᠳ ᠢ᠋ ᠬᠠᠷᠠᠵᠤ ᠦᠵᠡᠪᠡᠯ ᠬᠠᠮᠤᠭ ᠤ᠋ᠨ ᠡᠬᠢᠨ ᠦ᠌ ᠬᠢᠨᠢ ᠬᠠᠯᠬ᠎ᠠ ᠠᠶᠠᠯᠭᠤ ᠪᠣᠯᠤᠨ᠎ᠠ᠃ ᠬᠠᠯᠬ᠎ᠠ ᠠᠶᠠᠯᠭᠤ ᠨᠢ ᠮᠣᠩᠭᠣᠯ ᠤᠯᠤᠰ ᠤ᠋ᠨ ᠨᠢᠭᠡᠨ ᠲᠥᠪ ᠠᠶᠠᠯᠭᠤ ᠪᠥᠭᠡᠳ ᠭᠤᠷᠪᠠᠨ ᠰᠠᠶ᠎ᠠ ᠭᠠᠷᠤᠢ ᠬᠥᠮᠦᠨ ᠠᠮᠠ ᠲᠠᠢ ᠮᠣᠩᠭᠣᠯ ᠤᠯᠤᠰ ᠤ᠋ᠨ ᠬᠥᠮᠦᠨ ᠠᠮᠠ ᠶ᠋ᠢᠨ ᠶᠠᠭ 84 ᠬᠤᠪᠢ ᠨᠢ ᠬᠠᠯᠬ᠎ᠠ ᠠᠶᠠᠯᠭᠤ ᠪᠠᠷ ᠶᠠᠷᠢᠳᠠᠭ᠃ 1941 ᠣᠨ ᠠ᠋ᠴᠠ ᠵᠥᠪᠯᠡᠯᠲᠦ ᠬᠣᠯᠪᠣᠭᠠᠲᠤ ᠤᠯᠤᠰ ᠤ᠋ᠨ ᠨᠥᠯᠥᠭᠡ ᠪᠡᠷ ᠮᠣᠩᠭᠣᠯ ᠪᠢᠴᠢᠭ ᠢ᠋ ᠬᠠᠯᠠᠵᠤ ᠺᠢᠷᠢᠯ ᠪᠢᠴᠢᠭ ᠢ᠋ ᠬᠦᠯᠢᠶᠡᠵᠦ ᠠᠪᠤᠭᠰᠠᠨ ᠡᠢᠨᠬᠦ ᠺᠢᠷᠢᠯ ᠪᠢᠴᠢᠭ ᠢ᠋ ᠬᠦᠯᠢᠶᠡᠵᠦ ᠠᠪᠬᠤ ᠳ᠋ᠠᠭᠠᠨ ᠣᠷᠣᠰ ᠦᠰᠦᠭ ᠳᠡᠭᠡᠷ᠎ᠡ ᠥ᠊ (6) ᠦ᠊ (7) ᠦᠰᠦᠭ ᠢ᠋ ᠪᠣᠯ ᠨᠡᠮᠡᠵᠦ ᠠᠪᠴᠤ ᠬᠡᠷᠡᠭᠯᠡᠭᠰᠡᠨ ᠪᠣᠯ ᠣᠳᠣ ᠶ᠋ᠢᠨ ᠮᠣᠩᠭᠣᠯ ᠤᠯᠤᠰ ᠤ᠋ᠨ ᠪᠢᠴᠢᠭ ᠦ᠋ᠨ ᠭᠣᠣᠯ ᠬᠡᠯᠡ ᠪᠣᠯᠳᠠᠭ᠃
       ᠡᠭᠦᠨ ᠦ᠌ ᠳᠠᠷᠠᠭ᠎ᠠ ᠪᠣᠯ ᠥᠪᠥᠷ ᠮᠣᠩᠭᠣᠯ ᠳ᠋ᠤ᠌ ᠬᠡᠷᠡᠭᠯᠡᠳᠡᠭ ᠥᠪᠥᠷᠯᠡᠭᠴᠢ ᠠᠶᠠᠯᠭᠤ ᠪᠠᠢᠨ᠎ᠠ᠃ ᠥᠪᠥᠷ ᠮᠣᠩᠭᠣᠯ ᠳ᠋ᠤ᠌ ᠠᠯᠪᠠᠨ ᠶᠣᠰᠣᠭᠠᠷ ᠬᠡᠷᠡᠭᠯᠡᠭᠳᠡᠬᠦ ᠮᠣᠩᠭᠣᠯ ᠬᠡᠯᠡᠨ ᠦ᠌ ᠨᠢᠭᠡ ᠠᠶᠠᠯᠭᠤ ᠪᠣᠯ ᠴᠠᠬᠠᠷ ᠠᠶᠠᠯᠭᠤ ᠪᠠᠢᠳᠠᠭ᠃ ᠴᠠᠬᠠᠷ ᠠᠶᠠᠯᠭᠤ ᠪᠣᠯ ᠥᠪᠥᠷᠯᠡᠭᠴᠢ ᠠᠶᠠᠯᠭᠤ ᠶ᠋ᠢᠨ ᠭᠣᠣᠯ ᠪᠠᠷᠢᠮᠵᠢᠶ᠎ᠠ ᠠᠶᠠᠯᠭᠤ ᠠᠪᠢᠶ᠎ᠠ ᠭᠡᠵᠦ ᠦᠵᠡᠳᠡᠭ᠃ ᠮᠣᠩᠭᠣᠯ ᠪᠢᠴᠢᠭ ᠪᠣᠯ ᠡᠨᠡ ᠥᠪᠥᠷᠯᠡᠭᠴᠢ ᠠᠶᠠᠯᠭᠤ ᠳ᠋ᠤ᠌ ᠬᠠᠮᠤᠭ ᠭᠣᠣᠯᠯᠠᠬᠤ ᠬᠡᠷᠡᠭᠯᠡᠭᠡ ᠲᠡᠢ᠃ ᠵᠠ ᠶᠠᠭᠠᠬᠢᠭᠠᠳ ᠭᠡᠪᠡᠯ ᠥᠪᠥᠷ ᠮᠣᠩᠭᠣᠯ ᠳ᠋ᠤ᠌ ᠮᠠᠰᠢ ᠣᠯᠠᠨ ᠰᠣᠶᠣᠯ ᠲᠠᠢ ᠥᠭᠡᠷ᠎ᠡ ᠥᠭᠡᠷ᠎ᠡ ᠠᠷᠠᠳ ᠲᠦᠮᠡᠨ ᠠᠮᠢᠳᠤᠷᠠᠳᠠᠭ ᠤᠴᠢᠷ ᠠ᠋ᠴᠠ ᠡᠨᠡ ᠣᠯᠠᠨ ᠠᠶᠠᠯᠭᠤ ᠶ᠋ᠢ ᠬᠠᠮᠤᠭ ᠤ᠋ᠨ ᠣᠨᠣᠪᠴᠢᠲᠠᠢ ᠢᠯᠡᠷᠬᠡᠢᠯᠡᠬᠦ ᠠᠷᠭ᠎ᠠ ᠨᠢ ᠪᠣᠯ ᠮᠣᠩᠭᠣᠯ ᠪᠢᠴᠢᠭ ᠪᠠᠢᠳᠠᠭ ᠭᠡᠰᠡᠨ ᠦᠭᠡ᠃ ᠥᠪᠥᠷ ᠮᠣᠩᠭᠣᠯ ᠤ᠋ᠨ ᠠᠶᠠᠯᠭᠤ ᠨᠤᠭᠤᠳ ᠢ᠋ ᠴᠠᠬᠠᠷ ᠠᠶᠠᠯᠭᠤ᠂ ᠴᠠᠬᠠᠷ ᠠᠶᠠᠯᠭᠤ ᠨᠢ ᠪᠣᠯ ᠬᠠᠯᠬ᠎ᠠ ᠠᠶᠠᠯᠭᠤ ᠲᠠᠢ ᠲᠤᠩ ᠣᠢᠷᠠᠯᠴᠠᠭ᠎ᠠ᠂ ᠵᠠ ᠮᠥᠨ ᠵᠡᠭᠦᠨ ᠲᠠᠯ᠎ᠠ ᠶ᠋ᠢᠨ ᠠᠶᠠᠯᠭᠤ ᠭᠡᠵᠦ ᠦᠵᠡᠬᠦ ᠶᠤᠮ ᠪᠣᠯ ᠬᠣᠷᠴᠢᠨ ᠠᠶᠠᠯᠭᠤ᠂ ᠬᠠᠷᠠᠴᠢᠨ ᠠᠶᠠᠯᠭᠤ  ᠪᠠᠢᠳᠠᠭ᠂ ᠳᠠᠭᠤᠳᠠᠯᠭ᠎ᠠ ᠠᠪᠢᠶ᠎ᠠ ᠪᠠᠷ ᠪᠣᠯ ᠨᠡᠯᠢᠶᠡᠳ ᠢᠯᠭᠠᠭ᠎ᠠ ᠲᠠᠢ᠂ ᠵᠠ ᠮᠥᠨ ᠬᠣᠢᠲᠤ ᠬᠡᠰᠡᠭ ᠲᠦ᠍  ᠪᠣᠯ ᠪᠠᠷᠭᠤ ᠲᠡᠭᠦᠨ ᠦ᠌ ᠲᠥᠷᠥᠯ ᠪᠣᠯᠬᠤ ᠪᠤᠷᠢᠶᠠᠳ ᠤ᠋ᠳ ᠨᠢᠭᠡᠨ ᠠᠶᠠᠯᠭᠤ ᠪᠣᠯᠵᠤ ᠰᠠᠯᠳᠠᠭ᠂ ᠮᠥᠨ ᠪᠠᠷᠠᠭᠤᠨ ᠲᠠᠯ᠎ᠠ ᠳ᠋ᠤᠨᠢ ᠣᠢᠷᠠᠳ ᠠᠶᠠᠯᠭᠤ  ᠪᠠᠢᠭ᠎ᠠ᠂ ᠵᠠ ᠲᠤᠬᠠᠢᠯᠠᠪᠠᠯ ᠣᠷᠳᠣᠰ ᠠᠶᠠᠯᠭᠤ ᠪᠣᠯ ᠡᠭᠦᠨ ᠳ᠋ᠦ᠍ ᠪᠠᠭᠲᠠᠳᠠᠭ᠃ ᠵᠠ ᠥᠪᠥᠷ ᠮᠣᠩᠭᠣᠯ ᠳ᠋ᠠᠬᠢ ᠮᠣᠩᠭᠣᠯ ᠬᠡᠯᠡ ᠨᠢ ᠠᠯᠪᠠᠨ ᠶᠣᠰᠣ ᠪᠠᠷ ᠡᠮᠦᠨᠡᠲᠦ ᠮᠣᠩᠭᠣᠯ ᠤ᠋ᠨ᠂ ᠵᠠ ᠮᠥᠨ ᠣᠢᠷᠠᠳ ᠪᠠᠷᠭᠤ ᠪᠤᠷᠢᠶᠠᠳ ᠭᠡᠬᠦ ᠭᠤᠷᠪᠠᠨ ᠠᠶᠠᠯᠭᠤ ᠳ᠋ᠤ᠌ ᠬᠤᠪᠢᠶᠠᠭᠳᠠᠳᠠᠭ ᠪᠠᠢᠨ᠎ᠠ ᠭᠡᠵᠦ ᠣᠢᠯᠭᠠᠵᠤ ᠪᠣᠯᠤᠨ᠎ᠠ᠃ ᠡᠮᠦᠨᠡᠲᠦ ᠮᠣᠩᠭᠣᠯ ᠤ᠋ᠨ ᠠᠶᠠᠯᠭᠤ ᠨᠢ ᠴᠠᠬᠠᠷ᠂ ᠣᠷᠳᠣᠰ᠂ ᠪᠠᠭᠠᠷᠢᠨ᠂ ᠬᠣᠷᠴᠢᠨ᠂ ᠬᠠᠷᠠᠴᠢᠨ᠂ ᠠᠯᠠᠭᠱᠠ ᠠᠮᠠᠨ ᠠᠶᠠᠯᠭᠤ ᠨᠤᠭᠤᠳ ᠬᠠᠮᠢᠶᠠᠷᠳᠠᠭ ᠪᠠᠢᠨ᠎ᠠ᠃
       ᠡᠭᠦᠨ ᠦ᠌ ᠳᠠᠷᠠᠭ᠎ᠠ ᠮᠣᠩᠭᠣᠯ ᠬᠡᠯᠡᠨ ᠦ᠌ ᠳᠠᠷᠠᠭᠠᠴᠢ ᠶ᠋ᠢᠨ ᠲᠣᠮᠣ ᠠᠶᠠᠯᠭᠤ  ᠪᠣᠯ ᠪᠤᠷᠢᠶᠠᠳ ᠠᠶᠠᠯᠭᠤ  ᠪᠣᠯᠤᠨ᠎ᠠ᠃ ᠪᠤᠷᠢᠶᠠᠳ ᠠᠶᠠᠯᠭᠤ ᠪᠣᠯ ᠮᠣᠩᠭᠣᠯ ᠬᠡᠯᠡᠨ ᠦ᠌ ᠬᠣᠢᠲᠤ ᠠᠶᠠᠯᠭᠤ ᠳ᠋ᠤ᠌ ᠪᠠᠭᠲᠠᠬᠤ ᠬᠡᠯᠡ ᠪᠠᠢᠭ᠎ᠠ᠃ ᠣᠷᠣᠰ ᠤ᠋ᠨ ᠬᠣᠯᠪᠣᠭᠠᠨ ᠤ᠋ ᠤᠯᠤᠰ ᠤ᠋ᠨ ᠪᠤᠷᠢᠶᠠᠳ ᠤᠯᠤᠰ ᠲᠤ᠌ ᠪᠣᠯ ᠬᠡᠯᠡ ᠪᠡᠨ ᠬᠣᠷᠢ ᠠᠶᠠᠯᠭᠤ ᠳ᠋ᠤ᠌ ᠦᠨᠳᠦᠰᠦᠯᠡᠨ ᠳᠦᠷᠢᠮᠵᠢᠭᠦᠯᠵᠦ 1939 ᠣᠨ ᠳ᠋ᠤ᠌ ᠺᠢᠷᠢᠯ ᠪᠢᠴᠢᠭ ᠢ᠋ ᠬᠦᠯᠢᠶᠡᠵᠦ ᠠᠪᠤᠭᠰᠠᠨ ᠪᠠᠢᠳᠠᠭ᠃  ᠵᠠ ᠢᠩᠭᠢᠬᠦ ᠳ᠋ᠡᠭᠡᠨ ᠥ᠊(6) ᠦ᠊ (7)   ᠬᠡ (he) ᠭᠡᠰᠡᠨ ᠭᠤᠷᠪᠠᠨ ᠦᠰᠦᠭ ᠨᠡᠮᠡᠵᠦ ᠣᠷᠣᠭᠤᠯᠤᠨ ᠣᠷᠣᠰ ᠦᠰᠦᠭ ᠢ᠋ ᠠᠪᠤᠭᠰᠠᠨ᠂ ᠵᠠ ᠠᠯᠪᠠᠨ ᠶᠣᠰᠣᠨ ᠤ᠋ ᠪᠢᠴᠢᠭ ᠦ᠋ᠨ ᠬᠡᠯᠡ ᠪᠣᠯᠭᠠᠨ ᠪᠤᠷᠢᠶᠠᠳ ᠬᠡᠯᠡ ᠪᠤᠷᠢᠶᠠᠳ ᠮᠣᠩᠭᠣᠯ ᠬᠡᠯᠡ ᠭᠡᠮᠡᠨ ᠨᠡᠷᠡᠯᠡᠭᠳᠡᠬᠦ ᠪᠣᠯᠤᠭᠰᠠᠨ ᠪᠠᠢᠨ᠎ᠠ᠃ ᠮᠣᠩᠭᠣᠯ ᠤᠯᠤᠰ ᠳᠠᠬᠢ ᠪᠤᠷᠢᠶᠠᠳ ᠬᠠᠯᠬ᠎ᠠ ᠮᠣᠩᠭᠣᠯ ᠺᠢᠷᠢᠯ ᠪᠢᠴᠢᠭ ᠲᠦ᠍ ᠂ ᠥᠪᠥᠷ ᠮᠣᠩᠭᠣᠯ ᠳ᠋ᠠᠬᠢ ᠪᠤᠷᠢᠶᠠᠳ ᠤ᠋ᠳ ᠮᠣᠩᠭᠣᠯ ᠪᠢᠴᠢᠭ ᠢ᠋ᠶ᠋ᠡᠷ ᠬᠡᠯᠡ ᠪᠡᠨ ᠲᠡᠮᠳᠡᠭᠯᠡᠵᠦ ᠪᠠᠢᠭ᠎ᠠ᠃ ᠪᠤᠷᠢᠶᠠᠳ ᠠᠶᠠᠯᠭᠤ ᠳᠣᠲᠣᠷ᠎ᠠ ᠪᠠᠨ ᠳᠥᠷᠪᠡᠨ ᠠᠮᠠᠨ ᠠᠶᠠᠯᠭᠤ ᠪᠣᠯᠵᠤ ᠰᠠᠯᠳᠠᠭ᠂ ᠲᠤᠬᠠᠢᠯᠠᠪᠠᠯ ᠪᠠᠷᠠᠭᠤᠨ ᠬᠡᠰᠡᠭ ᠠᠶᠠᠯᠭᠤ ᠳ᠋ᠤᠨᠢ ᠢᠬᠡᠷᠡᠳ ᠪᠤᠯᠠᠭᠠᠳ ᠨᠠᠷ ᠤ᠋ᠨ ᠠᠶᠠᠯᠭᠤ᠂ ᠳᠤᠮᠳᠠ ᠬᠡᠰᠡᠭ ᠦ᠋ᠨ ᠠᠶᠠᠯᠭᠤ ᠳ᠋ᠤᠨᠢ ᠠᠯᠢᠶᠠᠷ ᠲᠦᠩᠬᠦᠨ ᠨᠠᠷ ᠤ᠋ᠨ ᠠᠶᠠᠯᠭᠤ᠂ ᠵᠡᠭᠦᠨ ᠬᠡᠰᠡᠭ ᠦ᠋ᠨ ᠠᠶᠠᠯᠭᠤ ᠨᠢ ᠬᠣᠷᠢ ᠠᠶᠠᠯᠭᠤ᠂ ᠡᠮᠦᠨᠡᠲᠦ ᠬᠡᠰᠡᠭ ᠦ᠋ᠨ ᠠᠶᠠᠯᠭᠤ ᠨᠢ ᠰᠤᠩᠭᠠᠯᠢ ᠰᠠᠷᠲᠠᠭᠤᠯ᠂ ᠠᠮᠠᠨ ᠠᠶᠠᠯᠭᠤ ᠨᠤᠭᠤᠳ ᠪᠠᠭᠲᠠᠳᠠᠭ ᠪᠠᠢᠨ᠎ᠠ᠃ ᠡᠭᠦᠨ ᠦ᠌ ᠳᠠᠷᠠᠭ᠎ᠠ ᠮᠣᠩᠭᠣᠯ ᠣᠷᠣᠨ ᠤ᠋ ᠪᠠᠷᠠᠭᠤᠨ ᠬᠡᠰᠡᠭ ᠲᠡᠬᠢ ᠣᠢᠷᠠᠳ ᠠᠶᠠᠯᠭᠤ ᠪᠤᠶᠤ  ᠪᠠᠷᠠᠭᠤᠨ ᠮᠣᠩᠭᠣᠯ ᠠᠶᠠᠯᠭᠤ ᠪᠠᠢᠭ᠎ᠠ᠃ ᠮᠣᠩᠭᠣᠯ ᠬᠡᠯᠡᠨ ᠦ᠌ ᠪᠠᠷᠠᠭᠤᠨ ᠠᠶᠠᠯᠭᠤ ᠳ᠋ᠤ᠌ ᠪᠠᠭᠲᠠᠬᠤ ᠡᠨᠡ ᠬᠦ᠌ ᠠᠶᠠᠯᠭᠤ ᠪᠠᠷ ᠣᠷᠣᠰ ᠤ᠋ᠨ ᠬᠣᠯᠪᠣᠭᠠᠨ ᠤ᠋ ᠤᠯᠤᠰ ᠤ᠋ᠨ ᠬᠠᠯᠢᠮᠠᠭ᠂ ᠮᠣᠩᠭᠣᠯ ᠤᠯᠤᠰ ᠤ᠋ᠨ ᠣᠪᠰᠣ ᠂ ᠬᠣᠪᠲᠣ ᠠᠢᠮᠠᠭ ᠤ᠋ᠨ ᠬᠢᠨ᠂ ᠮᠥᠨ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤ᠋ᠨ ᠥᠪᠥᠷ ᠮᠣᠩᠭᠣᠯ ᠤ᠋ᠨ ᠣᠢᠷᠠᠳ ᠠᠶᠠᠯᠭᠤ ᠨᠤᠭᠤᠳ ᠪᠠᠭᠲᠠᠨ᠎ᠠ᠃ 1938 ᠣᠨ ᠠ᠋ᠴᠠ ᠬᠠᠯᠢᠮᠠᠭ ᠤᠯᠤᠰ ᠲᠤ᠌ ᠮᠣᠩᠭᠣᠯ ᠬᠡᠯᠡ ᠶ᠋ᠢ ᠲᠡᠮᠳᠡᠭᠯᠡᠬᠦ ᠳ᠋ᠡᠭᠡᠨ᠄  ᠠ᠋ ᠂  ᠬᠡ(᠊he )᠂ ᠵ(j) ᠂   ᠶᠢᠨ(in) ᠂ ᠦ  (5) ᠦ᠊ ( 7 ) ᠶ᠋ᠢ ᠪᠣᠯ ᠨᠡᠮᠡᠭᠡᠳ᠂ ᠵᠠ ᠮᠥᠨ ᠬᠠᠲᠠᠭᠤ ᠶ᠋ᠢᠨ ᠲᠡᠮᠳᠡᠭ ᠢ᠋ ᠬᠠᠰᠤᠵᠤ ᠣᠷᠣᠰ ᠭᠢᠶᠣᠷᠴᠢ ᠠᠯᠪᠠᠨ ᠶᠣᠰᠣᠨ ᠤ᠋ ᠪᠢᠴᠢᠭ ᠦ᠋ᠨ ᠬᠡᠯᠡ ᠪᠣᠯᠭᠠᠨ ᠬᠠᠯᠢᠮᠠᠭ ᠺᠡᠯᠠᠡᠨ ᠭᠡᠵᠦ ᠨᠡᠷᠡᠯᠡᠵᠦ ᠲᠡᠮᠳᠡᠭᠯᠡᠵᠦ ᠣᠳᠣ ᠬᠦᠷᠲᠡᠯ᠎ᠡ ᠬᠦᠴᠦᠨ ᠲᠡᠭᠦᠯᠳᠡᠷ ᠦᠢᠯᠡᠴᠢᠯᠡᠵᠦ ᠪᠠᠢᠨ᠎ᠠ᠃ 
       ᠡᠢᠨᠬᠦ ᠨᠠᠳᠠ ᠲᠠᠢ ᠬᠠᠮᠲᠤ ᠮᠣᠩᠭᠣᠯ ᠬᠡᠯᠡ ᠪᠡᠨ ᠰᠤᠳᠤᠯᠤᠭᠰᠠᠨ ᠲᠠ ᠪᠦᠬᠦᠨ ᠳ᠋ᠦ᠍ ᠪᠠᠶᠠᠷᠯᠠᠯ᠎ᠠ᠃ ᠪᠢᠴᠢᠯᠭᠡ ᠶ᠋ᠢᠨ ᠬᠤᠭᠤᠴᠠᠭᠠᠨ ᠤ᠋ ᠠᠰᠠᠭᠤᠳᠠᠯ ᠪᠣᠯᠵᠤ ᠪᠠᠭ᠎ᠠ ᠰᠠᠭ᠎ᠠ ᠵᠦᠢᠯ ᠢ᠋ ᠣᠷᠬᠢᠭᠳᠠᠭᠤᠯᠤᠭᠰᠠᠨ ᠠᠰᠠᠭᠤᠳᠠᠯ ᠭᠠᠷᠤᠭᠰᠠᠨ ᠪᠣᠯ ᠬᠦᠯᠢᠴᠡᠯ ᠥᠴᠢᠶ᠎ᠡ᠂ ᠳᠠᠷᠠᠭ᠎ᠠ ᠳᠠᠷᠠᠭ᠎ᠠ ᠶ᠋ᠢᠨ ᠪᠢᠴᠢᠯᠭᠡ ᠨᠤᠭᠦᠳ ᠤᠯᠠᠮ ᠢᠯᠡᠭᠦᠦ ᠴᠢᠨᠠᠷ ᠲᠠᠢ ᠰᠣᠨᠢᠷᠬᠠᠯ ᠲᠠᠢ ᠪᠠᠷ ᠬᠦᠷᠭᠡᠬᠦ ᠶ᠋ᠢ ᠵᠣᠷᠢᠬᠤ ᠪᠣᠯᠤᠨ᠎ᠠ᠃


  ᠦᠰᠦᠭ ᠠᠮᠢᠯᠠᠭᠤᠯᠤᠭᠴᠢ᠄  ᠴᠡᠴᠡᠭ᠂ ᠵᠢᠩᠯᠢᠬᠤᠸᠠᠷ᠂ ᠣᠭ᠌ᠶᠤ  
  ᠬᠢᠨᠠᠭᠴᠢ᠄  ᠭᠡᠷᠡᠯ᠂ ᠨᠡᠭᠦᠳᠡᠯ᠂ ᠨᠠᠷᠠ᠂ ᠵᠢᠩᠯᠢᠬᠤᠸᠠᠷ᠂ ᠪᠠᠶᠠᠨᠴᠡᠴᠡᠭ᠂ ᠬᠡᠷᠡᠢᠳ ᠵᠣᠯ᠂ ᠮᠥᠩᠬᠡ ᠭᠠᠯ᠂ ᠬᠡᠯᠡᠨᠰᠤᠶᠤᠯ᠂ ᠣᠳᠬᠠᠨᠰᠣ᠎ᠠ