ᠡᠨᠡ ᠵᠠᠮ ᠢ᠋ᠶ᠋ᠠᠷ ᠪᠢᠳᠡ – ᠵᠣᠬᠢᠶᠠᠭᠴᠢ ᠄ ᠳᠥᠷᠪᠡᠳ᠂ᠡᠷᠳᠡᠨᠢᠪᠠᠶᠠᠷ ᠂ ᠤᠶᠠᠩᠭᠠᠯᠠᠭᠴᠢ᠄ ᠰᠠᠴᠤᠷᠠᠯᠲᠤ Энэ замаар бид – Зохиогч ᠄ Дөрвөд ᠂ Эрдэнэбаяр Уянгалагч᠄ Цацралт
ᠡᠨᠡ ᠵᠠᠮ ᠢᠶᠠᠷ ᠪᠢᠳᠠ
ᠵᠣᠬᠢᠶᠠᠭᠴᠢ᠄ ᠳᠥᠷᠪᠡᠳ᠂ ᠡᠷᠳᠡᠨᠢᠪᠠᠶᠠᠷ
ᠤᠶᠠᠩᠭᠠᠯᠠᠭᠴᠢ᠄ ᠰᠠᠴᠤᠷᠠᠯᠲᠤ
ᠡᠨᠡ ᠵᠠᠮ ᠢ᠋ᠶ᠋ᠠᠷ ᠪᠢᠳᠡ ᠰᠠᠢᠨ ᠰᠠᠢᠬᠠᠨ ᠵᠦᠭ ᠶᠠᠪᠤᠵᠤ ᠪᠣᠢ
ᠢᠲᠡᠭᠡᠯ ᠰᠡᠳᠬᠢᠯ ᠮᠢᠨᠢ ᠭᠡᠷᠡᠯ ᠭᠡᠭᠡ ᠵᠦᠭ ᠲᠡᠮᠡᠦᠯᠵᠦ ᠪᠣᠢ
ᠠᠩᠬᠢᠯᠤᠮ᠎ᠠ ᠦᠨᠦᠷᠲᠦ ᠡᠪᠡᠰᠦ ᠴᠡᠴᠡᠭᠡᠰ ᠦ᠋ᠨ ᠳᠤᠮᠳᠠᠭᠤᠷ
ᠠᠷᠢᠭᠤᠨ ᠨᠠᠨᠳᠢᠨ ᠰᠤᠷᠭᠠᠯ ᠪᠢᠯᠢᠭ ᠦ᠋ᠨ ᠳᠤᠮᠳᠠᠭᠤᠷ
ᠡᠭᠦᠯᠡᠨ ᠬᠡ ᠲᠡᠢ ᠲᠡᠭᠷᠢ ᠶ᠋ᠢᠨ ᠳᠣᠣᠭᠤᠷ
ᠡᠮᠦᠨᠡᠬᠢ ᠠᠯᠤᠰ ᠤ᠋ᠨ ᠴᠢᠭ ᠢ ᠪᠠᠷᠢᠨ
ᠲᠠᠭᠠᠷᠠᠯᠳᠤᠭᠰᠠᠨ ᠪᠦᠬᠦᠨ ᠳ᠋ᠦ᠍ ᠬᠠᠢᠷ᠎ᠠ ᠪᠠᠨ ᠬᠦᠷᠭᠡᠨ
ᠲᠠᠨᠢᠯᠴᠠᠭᠰᠠᠨ ᠪᠦᠬᠦᠨ ᠳ᠋ᠦ᠍ ᠬᠠᠢᠷ᠎ᠠ ᠪᠠᠨ ᠡᠷᠭᠦᠨ
ᠣᠶᠤᠨ ᠰᠠᠨᠠᠭᠠᠨ ᠳ᠋ᠤ᠌ ᠴᠢᠨᠢ ᠵᠤᠯᠠ ᠠᠰᠠᠭᠠᠶ᠎ᠠ ᠭᠡᠮᠡᠨ
ᠣᠶᠤᠨ ᠰᠠᠨᠠᠭᠠᠨ ᠳ᠋ᠤ᠌ ᠴᠢᠨᠢ ᠭᠡᠷᠡᠯ ᠦᠭᠭᠦᠶ᠎ᠡ ᠭᠡᠮᠡᠨ
ᠰᠠᠢᠬᠠᠨ ᠲᠠᠨ ᠤ᠋ ᠭᠡᠷᠡᠯ ᠭᠡᠭᠡ ᠶ᠋ᠢ ᠲᠣᠰᠣᠨ
ᠰᠠᠢᠬᠠᠨ ᠲᠠᠨ ᠤ᠋ ᠡᠨᠡᠷᠢᠯ ᠬᠠᠢᠷ᠎ᠠ ᠶ᠋ᠢ ᠬᠦᠯᠢᠶᠡᠨ
ᠡᠨᠡ ᠵᠠᠮ ᠢ᠋ᠶ᠋ᠠᠷ ᠪᠢᠳᠡ ᠰᠠᠢᠨ ᠰᠠᠢᠬᠠᠨ ᠵᠦᠭ ᠶᠠᠪᠤᠵᠤ ᠪᠣᠢ
ᠢᠲᠡᠭᠡᠯ ᠰᠡᠳᠬᠢᠯ ᠮᠢᠨᠢ ᠭᠡᠷᠡᠯ ᠭᠡᠭᠡ ᠵᠦᠭ ᠲᠡᠮᠡᠦᠯᠵᠦ ᠪᠣᠢ
ᠴᠡᠩᠬᠡᠷ ᠴᠡᠩᠬᠡᠷ ᠠᠭᠤᠯᠠᠰ ᠢ ᠰᠢᠪᠲᠤᠯᠤᠨ ᠪᠢᠳᠡ
ᠴᠡᠩᠬᠡᠷ ᠴᠡᠩᠬᠡᠷ ᠤᠰᠤ ᠶ᠋ᠢ ᠭᠠᠲᠤᠯᠤᠨ ᠪᠢᠳᠡ
ᠲᠠᠩᠰᠤᠭ ᠪᠠᠶᠠᠨ ᠬᠥᠷᠥᠰᠥ ᠰᠢᠷᠣᠢ ᠶ᠋ᠢᠨ ᠳᠡᠭᠡᠭᠦᠷ
ᠲᠠᠪᠤᠨ ᠲᠢᠪ ᠦ᠋ᠨ ᠮᠡᠷᠭᠡᠨ ᠰᠤᠷᠭᠠᠯ ᠤ᠋ᠨ ᠳᠤᠮᠳᠠᠭᠤᠷ
ᠠᠭᠤᠯᠵᠠᠭᠰᠠᠨ ᠪᠦᠬᠦᠨ ᠳ᠋ᠦ᠍ ᠰᠠᠢᠨ ᠰᠡᠳᠬᠢᠯ ᠢ ᠬᠦᠷᠭᠡᠨ
ᠤᠴᠠᠷᠠᠭᠰᠠᠨ ᠪᠦᠬᠦᠨ ᠳ᠋ᠦ᠍ ᠰᠠᠢᠨ ᠢᠷᠦᠭᠡᠯ ᠢ ᠡᠷᠭᠦᠨ
ᠴᠢᠩ ᠰᠡᠳᠬᠢᠯ ᠦ᠋ᠨ ᠭᠡᠭᠡᠷᠡᠯ ᠢ ᠦᠨᠡᠨ ᠭᠡᠮᠡᠨ
ᠴᠢᠩ ᠰᠡᠳᠬᠢᠯ ᠦ᠋ᠨ ᠬᠦᠴᠦ ᠶ᠋ᠢ ᠠᠭᠤᠤ ᠭᠡᠮᠡᠨ
ᠡᠷᠬᠢᠮ ᠲᠠᠨ ᠤ᠋ ᠤᠬᠠᠭᠠᠷᠠᠯ ᠤ᠋ᠨ ᠰᠠᠢᠬᠠᠨ ᠢ ᠰᠣᠨᠣᠰᠤᠨ
ᠡᠷᠬᠢᠮ ᠲᠠᠨ ᠤ᠋ ᠢᠷᠦᠭᠡᠯ ᠦ᠋ᠨ ᠰᠢᠳᠢ ᠶ᠋ᠢ ᠬᠦᠯᠢᠶᠡᠨ
ᠡᠨᠡ ᠵᠠᠮ ᠢ᠋ᠶ᠋ᠠᠷ ᠪᠢᠳᠡ ᠰᠠᠢᠨ ᠰᠠᠢᠬᠠᠨ ᠵᠦᠭ ᠶᠠᠪᠤᠵᠤ ᠪᠣᠢ
ᠢᠲᠡᠭᠡᠯ ᠰᠡᠳᠬᠢᠯ ᠮᠢᠨᠢ ᠭᠡᠷᠡᠯ ᠭᠡᠭᠡ ᠵᠦᠭ ᠲᠡᠮᠡᠦᠯᠵᠦ ᠪᠣᠢ
ᠬᠠᠪᠤᠷ ᠨᠠᠮᠤᠷ ᠢ ᠲᠤᠭᠤᠯᠤᠨ ᠲᠤᠭᠤᠯᠤᠨ ᠪᠢᠳᠡ
ᠬᠠᠷᠠᠩᠭᠤᠢ ᠭᠡᠭᠡᠨ ᠢ ᠰᠢᠪᠲᠤᠯᠤᠨ ᠰᠢᠪᠲᠤᠯᠤᠨ ᠪᠢᠳᠡ
ᠴᠡᠩᠬᠡᠷ ᠬᠥᠬᠡ ᠠᠭᠠᠷ ᠲᠤ᠌ ᠵᠠᠯᠪᠠᠷᠢᠨ ᠵᠠᠯᠪᠠᠷᠢᠨ
ᠴᠡᠭᠡᠵᠢ ᠵᠢᠷᠦᠬᠡ ᠮᠢᠨᠢ ᠠᠷᠢᠭᠤᠰᠤᠨ ᠠᠷᠢᠭᠤᠰᠤᠨ
ᠬᠠᠮᠲᠤ ᠠᠶᠠᠯᠠᠨ ᠪᠣᠢ ᠪᠦᠬᠦᠨ ᠢ᠋ᠶ᠋ᠡᠨ ᠳᠥᠰᠢᠨ ᠳᠥᠰᠢᠨ
ᠬᠠᠮᠲᠤ ᠠᠶᠠᠯᠠᠨ ᠪᠣᠢ ᠪᠦᠬᠦᠨ ᠢ᠋ᠶ᠋ᠡᠨ ᠲᠡᠳᠡᠨ ᠲᠡᠳᠡᠨ
ᠴᠢᠳᠬᠥᠷ ᠦ᠋ᠨ ᠤᠶᠠᠷᠠᠭᠰᠠᠨ ᠰᠡᠳᠬᠢᠯ ᠢ ᠡᠪᠡᠢᠯᠡᠨ ᠡᠪᠡᠢᠯᠡᠨ
ᠴᠢᠳᠬᠥᠷ ᠦ᠋ᠨ ᠠᠷᠢᠭᠤᠰᠤᠭᠰᠠᠨ ᠰᠡᠳᠬᠢᠯ ᠢ ᠥᠷᠥᠪᠳᠦᠨ ᠥᠷᠥᠪᠳᠦᠨ
ᠰᠠᠢᠨ ᠨᠣᠮ᠂ ᠦᠨᠡᠨ ᠰᠤᠷᠭᠠᠯ ᠢ ᠡᠷᠬᠢᠮ ᠲᠠᠨ ᠳᠤ ᠡᠷᠭᠦᠨ ᠡᠷᠭᠦᠨ
ᠰᠠᠢᠨ ᠰᠤᠷᠲᠠᠯ᠂ ᠠᠷᠢᠭᠤᠨ ᠦᠢᠯᠡᠰ ᠢ ᠡᠷᠬᠢᠮ ᠲᠠᠨ ᠳᠤ ᠪᠠᠷᠢᠨ ᠪᠠᠷᠢᠨ
ᠡᠨᠡ ᠵᠠᠮ ᠢ᠋ᠶ᠋ᠠᠷ ᠪᠢᠳᠡ ᠰᠠᠢᠨ ᠰᠠᠢᠬᠠᠨ ᠵᠦᠭ ᠶᠠᠪᠤᠵᠤ ᠪᠣᠢ
ᠢᠲᠡᠭᠡᠯ ᠰᠡᠳᠬᠢᠯ ᠮᠢᠨᠢ ᠭᠡᠷᠡᠯ ᠭᠡᠭᠡ ᠵᠦᠭ ᠲᠡᠮᠡᠦᠯᠵᠦ ᠪᠣᠢ
ᠣᠨ ᠵᠢᠯ ᠦ᠋ᠨ ᠬᠠᠲᠠᠭᠤ ᠪᠡᠷᠬᠡ ᠶ᠋ᠢ ᠳᠠᠪᠠᠨ ᠳᠠᠪᠠᠨ
ᠣᠭᠣᠰᠣᠷ ᠪᠦᠴᠡ ᠦᠭᠡᠢ ᠣᠷᠴᠢᠯᠠᠩ ᠢ ᠠᠷᠭᠠᠳᠠᠨ ᠠᠷᠭᠠᠳᠠᠨ
ᠬᠢᠵᠠᠭᠠᠷ ᠦᠭᠡᠢ ᠶᠡᠬᠡ ᠰᠠᠨᠰᠠᠷ ᠤ᠋ᠨ ᠳᠤᠮᠳᠠᠭᠤᠷ
ᠬᠠᠢᠷ᠎ᠠ ᠭᠡᠳᠡᠭ ᠰᠠᠢᠨ ᠰᠠᠢᠬᠠᠨ ᠤ᠋ ᠳᠤᠮᠳᠠᠭᠤᠷ
ᠪᠠᠢᠭ᠎ᠠ ᠪᠦᠬᠦᠨ ᠢ ᠬᠠᠢᠷ᠎ᠠ ᠪᠠᠷ ᠤᠷᠢᠶᠠᠯᠠᠨ ᠳᠠᠭᠤᠳᠠᠵᠤ
ᠪᠠᠢᠭ᠎ᠠ ᠪᠦᠬᠦᠨ ᠳ᠋ᠦ᠍ ᠬᠠᠢᠷ᠎ᠠ ᠶ᠋ᠢᠨ ᠬᠦᠴᠦ ᠶ᠋ᠢ ᠮᠡᠳᠡᠷᠡᠭᠦᠯᠦᠨ
ᠰᠡᠳᠬᠢᠯ ᠦ᠋ᠨ ᠭᠡᠭᠡᠷᠡᠯ ᠢ ᠵᠢᠩᠬᠢᠨᠢ ᠭᠡᠭᠡᠷᠡᠯ ᠭᠡᠮᠡᠨ
ᠰᠡᠳᠬᠢᠯ ᠦ᠋ᠨ ᠭᠡᠷᠡᠯ ᠢ ᠵᠢᠩᠬᠢᠨᠢ ᠭᠡᠷᠡᠯ ᠭᠡᠮᠡᠨ
ᠰᠠᠨᠰᠠᠷ ᠳᠦᠭᠦᠷᠡᠩ ᠠᠰᠠᠷᠠᠯ ᠡᠨᠡᠷᠢᠯ ᠢ ᠮᠡᠯᠮᠡᠯᠵᠡᠭᠦᠯᠦᠨ
ᠰᠠᠨᠰᠠᠷ ᠳᠦᠭᠦᠷᠡᠩ ᠠᠷᠢᠭᠤᠨ ᠬᠠᠢᠷ᠎ᠠ ᠶ᠋ᠢ ᠮᠡᠯᠮᠡᠯᠵᠡᠭᠦᠯᠦᠨ
ᠡᠨᠡ ᠵᠠᠮ ᠢ᠋ᠶ᠋ᠠᠷ ᠪᠢᠳᠡ ᠰᠠᠢᠨ ᠰᠠᠢᠬᠠᠨ ᠵᠦᠭ ᠶᠠᠪᠤᠵᠤ ᠪᠣᠢ
ᠢᠲᠡᠭᠡᠯ ᠰᠡᠳᠬᠢᠯ ᠮᠢᠨᠢ ᠭᠡᠷᠡᠯ ᠭᠡᠭᠡ ᠵᠦᠭ ᠲᠡᠮᠡᠦᠯᠵᠦ ᠪᠣᠢ
ᠦᠰᠦᠭ ᠠᠮᠢᠯᠠᠭᠤᠯᠤᠭᠰᠠᠨ ᠨᠢ᠄ ᠮᠥᠴᠢᠷ
ᠦᠰᠦᠭ ᠬᠠᠲᠠᠭᠰᠠᠨ ᠨᠢ᠄ ᠭᠠᠸᠠ
ᠦᠰᠦᠭ ᠬᠢᠨᠠᠭᠴᠢ ᠄ ᠮᠥᠴᠢᠷ᠂ ᠲᠤᠭᠴᠢ ᠰᠠᠷᠠᠨ᠎ᠠ
ᠵᠣᠬᠢᠶᠠᠭᠴᠢ ᠶ᠋ᠢᠨ ᠬᠠᠶᠢᠭ᠄
ᠳᠥᠷᠪᠡᠳ᠂ ᠡᠷᠳᠡᠨᠢᠪᠠᠶᠠᠷ
ᠤᠯᠠᠭᠠᠨᠬᠠᠳᠠ ᠬᠣᠲᠠ ᠶ᠋ᠢᠨ ᠠᠷᠤ ᠬᠣᠷᠴᠢᠨ ᠬᠤᠰᠢᠭᠤᠨ ᠤ᠋ ᠴᠢᠪᠠᠭ᠎ᠠ ᠶ᠋ᠢᠨ ᠬᠣᠶᠠᠳᠤᠭᠠᠷ ᠳᠤᠮᠳᠠᠳᠤ ᠰᠤᠷᠭᠠᠭᠤᠯᠢ
