ᠬᠡᠢᠮᠣᠷᠢ ᠶ᠋ᠢᠨ ᠳᠠᠯᠠᠯᠭ᠎ᠠ ᠲᠠᠢ ᠡᠬᠡ ᠣᠷᠣᠨ – ᠲ ᠂ ᠲᠡᠮᠦᠷᠭᠣᠣᠯᠲᠤ Хийморийн даллагатай эх орон – Т ᠂ Төмөргоолт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠢᠮᠣᠷᠢ ᠶ᠋ᠢᠨ ᠳᠠᠯᠠᠯᠭ᠎ᠠ ᠲᠠᠢ ᠡᠬᠡ ᠣᠷᠣᠨ – ᠲ ᠂ ᠲᠡᠮᠦᠷᠭᠣᠣᠯᠲᠤ Хийморийн даллагатай эх орон – Т ᠂ Төмөргоолт

ᠬᠡᠢᠮᠣᠷᠢ ᠶ᠋ᠢᠨ ᠳᠠᠯᠠᠯᠭ᠎ᠠ ᠲᠠᠢ ᠡᠬᠡ ᠣᠷᠣᠨ – ᠲ ᠂ ᠲᠡᠮᠦᠷᠭᠣᠣᠯᠲᠤ Хийморийн даллагатай эх орон – Т ᠂ Төмөргоолт

2024-11-21

919


 ᠠᠷᠠᠳ ᠲᠦᠮᠡᠨ ᠦ᠌ ᠡᠯᠢᠭᠡ ᠵᠢᠷᠦᠬᠡᠨ ᠳ᠋ᠦ᠍ ᠮᠥᠩᠬᠡᠷᠡᠬᠦ ᠬᠠᠢᠷ᠎ᠠ  
 ᠠᠭᠤᠤ ᠶᠡᠬᠡ ᠡᠬᠡ ᠣᠷᠣᠨ ᠢ᠋ᠶ᠋ᠠᠨ ᠪᠢ ᠮᠠᠭᠲᠠᠨ ᠰᠢᠯᠦᠭᠯᠡᠶ᠎ᠡ  
 ᠠᠽᠢᠶ᠎ᠠ ᠶ᠋ᠢᠨ ᠲᠦᠮᠡᠨ ᠪᠠᠷᠲᠠᠭᠠᠨ ᠤ᠋ ᠳᠤᠮᠳᠠ ᠰᠦᠨᠳᠡᠷᠯᠡᠩᠬᠡᠨ ᠣᠷᠣᠰᠢᠭ᠎ᠠ   
 ᠠᠯᠲᠠᠨ ᠶᠠᠰᠤᠲᠤ ᠲᠩᠷᠢᠯᠢᠭ ᠡᠬᠡ ᠣᠷᠣᠨ ᠢ᠋ᠶ᠋ᠠᠨ ᠪᠢ ᠱᠠᠭᠰᠢᠨ ᠤᠶᠠᠩᠭᠠᠯᠠᠶ᠎ᠠ    
 
 ᠮᠢᠩᠭᠠᠨ ᠮᠢᠩᠭᠠᠨ ᠣᠨ ᠤ᠋ ᠨᠡᠭᠦᠳᠡᠯ ᠦ᠋ᠨ ᠰᠢᠷᠭᠠᠯ ᠵᠠᠮ ᠳ᠋ᠤ᠌   
 ᠮᠠᠯᠵᠢᠬᠤ ᠰᠣᠶᠣᠯ ᠤ᠋ᠨ ᠠᠷᠢᠭᠤᠨ ᠭᠣᠯᠣᠮᠲᠠ ᠳ᠋ᠤ᠌ ᠪᠠᠨ ᠭᠠᠯ ᠪᠠᠳᠠᠷᠠᠭᠠᠨ   
 ᠮᠠᠭᠲᠠᠨ ᠳᠠᠭᠤᠯᠠᠬᠤ ᠰᠣᠯᠣᠩᠭᠠᠨ ᠳᠣᠯᠣᠭᠠᠨ ᠡᠭᠡᠰᠢᠭ ᠲᠡᠢ ᠪᠡᠨ ᠰᠢᠲᠦᠯᠴᠡᠩᠬᠡᠨ ᠲᠣᠭᠲᠠᠨᠢᠭ᠎ᠠ   
 ᠮᠠᠨᠳᠤᠯ ᠬᠥᠭᠵᠢᠯᠲᠦ ᠢᠷᠡᠭᠡᠳᠦᠢ ᠶ᠋ᠢᠨ ᠴᠤᠤᠷᠢᠶ᠎ᠠ ᠲᠠᠢ ᠮᠢᠨᠦ ᠡᠬᠡ ᠣᠷᠣᠨ  
     
 ᠮᠣᠷᠢᠲᠠᠨ ᠪᠠᠭᠠᠲᠤᠷᠴᠤᠳ ᠤ᠋ᠨ ᠢ᠋ᠶ᠋ᠠᠨ ᠰᠦᠷ ᠰᠦᠯᠳᠡ ᠳ᠋ᠦ᠍ ᠰᠦᠮᠪᠦᠷ ᠠᠭᠤᠯᠠᠰ ᠨᠢ ᠲᠣᠭᠳᠣᠯᠵᠠᠵᠤ  
 ᠮᠢᠷᠠᠯᠵᠠᠨ ᠣᠷᠣᠰᠠᠠᠣ ᠭᠣᠣᠯ ᠮᠥᠷᠡᠨ ᠢ᠋ᠶ᠋ᠡᠨ ᠰᠢᠭ ᠤᠷᠲᠤ ᠶ᠋ᠢᠨ ᠳᠠᠭᠤᠤ ᠰᠢᠷᠤᠩᠬᠠᠢᠯᠠᠨ   
 ᠮᠦᠰᠢᠶᠡᠨ ᠢᠨᠢᠶᠡᠯᠳᠦᠬᠦ ᠬᠡᠦᠬᠡᠳ ᠪᠠᠭᠠᠴᠤᠳ ᠨᠢ ᠲᠣᠷᠨᠢᠭᠤᠨ ᠴᠣᠪᠣᠭᠣᠯᠢᠭ ᠥᠰᠴᠦ   
 ᠮᠠᠩᠬᠠᠢᠬᠤ ᠦᠷ ᠰᠢᠭ ᠭᠡᠷᠡᠯᠲᠦ ᠢᠷᠡᠭᠡᠳᠦᠢ ᠪᠡᠨ ᠬᠡᠢᠮᠣᠷᠢ ᠪᠣᠰᠤᠭ᠎ᠠ ᠤᠭᠲᠤᠨ᠎ᠠ   
   
 ᠰᠠᠨᠰᠠᠷ ᠣᠷᠴᠢᠯᠠᠩ ᠤ᠋ᠨ ᠣᠳᠣᠨ ᠮᠡᠴᠢᠳ ᠬᠢᠯᠠᠯᠵᠠᠩᠬᠠᠨ ᠳᠠᠯᠠᠯᠬᠤ ᠮᠡᠲᠦ    
 ᠰᠢᠨᠵᠢᠯᠡᠬᠦ ᠤᠬᠠᠭᠠᠨ ᠤ᠋ ᠨᠣᠶᠠᠨ ᠣᠷᠭᠢᠯ ᠲᠠᠢᠰᠢ ᠬᠦᠰᠡᠯ ᠦ᠋ᠨ ᠵᠢᠭᠦᠷ ᠢ᠋ᠶ᠋ᠡᠨ ᠳᠡᠯᠭᠡᠨ    
 ᠰᠢᠵᠢᠷ ᠡᠷᠢᠨ ᠦ᠌ ᠵᠠᠯᠠᠭᠤᠰ ᠢᠳᠡᠷᠴᠦᠳ ᠵᠢᠪᠬᠤᠭ᠎ᠠ ᠲᠡᠭᠦᠯᠳᠡᠷ ᠤᠷᠤᠭᠰᠢᠯᠠᠵᠤ   
 ᠰᠢᠷᠭᠠᠭᠤ ᠬᠥᠳᠡᠯᠮᠦᠷᠢ ᠶ᠋ᠢᠨ ᠪᠠᠶᠠᠰᠤᠯᠳᠤ ᠳᠠᠭᠤᠤ ᠪᠠᠨ ᠳᠡᠯᠡᠬᠡᠢ ᠶ᠋ᠢᠨ ᠰᠣᠨᠣᠷ ᠲᠤ᠌ ᠬᠦᠷᠭᠡᠨ᠎ᠡ    
 
 ᠠᠳᠤᠭᠤᠨ ᠰᠦᠷᠦᠭ ᠦ᠋ᠨ ᠲᠣᠷᠭᠠᠨ ᠲᠣᠭᠣᠰᠣᠨ ᠳ᠋ᠤ᠌ ᠠᠯᠲᠠᠨ ᠤᠨᠠᠭ᠎ᠠ ᠦᠦᠷᠰᠡᠭᠡᠳ 
 ᠠᠲᠠᠷ ᠲᠠᠯ᠎ᠠ ᠶ᠋ᠢᠨ ᠲᠠᠩᠰᠤᠭ ᠪᠡᠯᠴᠢᠭᠡᠷ ᠲᠦ᠍ ᠵᠦᠰᠡᠷ ᠪᠣᠷᠣᠭᠠᠨ ᠱᠠᠭᠢᠨ᠎ᠠ  
 ᠠᠨᠳᠠ ᠶ᠋ᠢᠨ ᠵᠢᠷᠤᠮ ᠲᠠᠢ ᠠᠬ᠎ᠠ ᠳᠡᠭᠦᠦ ᠣᠯᠠᠭᠤᠯᠠ ᠠᠵᠢᠯ ᠦᠢᠯᠡᠰ ᠢ᠋ᠶ᠋ᠡᠨ ᠥᠷᠨᠢᠭᠦᠯᠦᠩᠭᠡᠨ   
 ᠠᠵᠢᠨᠠᠢ ᠬᠦᠯᠦᠭ ᠦ᠋ᠨ ᠢᠨᠴᠠᠭᠠᠨ ᠴᠢᠩᠨᠠᠵᠤ ᠠᠷᠠᠯᠵᠢᠶ᠎ᠠ ᠬᠤᠳᠠᠯᠳᠤᠭ᠎ᠠ ᠶ᠋ᠢ ᠡᠵᠡᠮᠳᠡᠨ᠎ᠡ   
    
 ᠨᠠᠢᠷ ᠤ᠋ᠨ ᠳᠠᠯᠠᠢ ᠳ᠋ᠤ᠌ ᠡᠷ᠎ᠡ ᠶ᠋ᠢᠨ ᠭᠤᠷᠪᠠᠨ ᠨᠠᠭᠠᠳᠤᠮ ᠢ᠋ᠶ᠋ᠠᠷ ᠪᠡᠶᠡᠰᠴᠦ     
 ᠨᠠᠢᠷᠠᠭ ᠰᠢᠯᠦᠭ ᠦ᠋ᠨ ᠣᠩᠭᠣᠨ ᠲᠩᠷᠢ ᠣᠯᠠᠨ ᠥᠩᠭᠡ ᠪᠡᠷ ᠰᠣᠯᠣᠩᠭᠠᠷᠠᠨ    
 ᠠᠢᠷᠠᠭ ᠲᠠᠷᠠᠭ ᠰᠡᠩᠭᠢᠨᠡᠬᠦ ᠲᠠᠯ᠎ᠠ ᠶ᠋ᠢᠨ ᠮᠣᠩᠭᠣᠯ ᠠᠢᠯ ᠤ᠋ᠳ  
 ᠠᠮᠢᠵᠢᠷᠠᠯ ᠠᠮᠢᠳᠤᠷᠠᠯ ᠪᠤᠴᠠᠯᠭᠠᠵᠤ ᠤᠯᠠᠮᠵᠢᠯᠠᠯᠲᠤ ᠰᠣᠶᠣᠯ ᠢ᠋ᠶ᠋ᠠᠷ ᠢ᠋ᠶ᠋ᠠᠨ ᠵᠢᠷᠭᠠᠨ᠎ᠠ  
    
 ᠪᠤᠮᠠᠨ ᠣᠨ ᠤ᠋ ᠲᠡᠦᠬᠡ ᠲᠡᠢ ᠬᠡᠢᠮᠣᠷᠢ ᠰᠡᠷᠭᠦᠭᠡᠭᠰᠡᠨ ᠡᠬᠡ ᠣᠷᠣᠨ ᠳ᠋ᠤ᠌ ᠮᠢᠨᠢ   
 ᠪᠤᠭᠤᠷᠤᠯ ᠳᠡᠭᠡᠳᠦᠰ ᠦ᠋ᠨ ᠷᠢᠳᠢ ᠰᠢᠳᠢ ᠲᠡᠢ ᠮᠥᠩᠬᠡ ᠶ᠋ᠢᠨ ᠰᠤᠷᠭᠠᠯ ᠤᠯᠠᠮᠵᠢᠯᠠᠭᠳᠠᠨ᠎ᠠ  
 ᠪᠤᠷᠬᠠᠨ ᠭᠤᠶᠤᠭᠰᠠᠨ ᠴᠤ᠌ ᠥᠭᠭᠦᠭᠰᠡᠨ ᠦᠭᠡᠢ ᠭᠠᠵᠠᠷ ᠰᠢᠷᠣᠢ ᠶ᠋ᠢᠨ ᠬᠢᠨᠢ ᠬᠡᠰᠢᠭ ᠢ᠋ᠶ᠋ᠡᠷ  
 ᠪᠤᠶᠠᠨᠲᠤ ᠨᠤᠲᠤᠭ ᠤ᠋ᠨ ᠳᠠᠷᠬᠠᠨ ᠠᠯᠳᠠᠷ ᠳᠠᠶᠠᠩ ᠳᠡᠯᠡᠬᠡᠢ ᠳ᠋ᠦ᠍ ᠳᠠᠭᠤᠷᠢᠰᠤᠨ᠎ᠠ    
 
 ᠴᠠᠬᠢᠯᠭᠠᠨ ᠲᠩᠷᠢ ᠶ᠋ᠢᠨ ᠣᠳᠣᠳ ᠢ᠋ ᠲᠣᠭᠠᠯᠠᠭᠰᠠᠭᠠᠷ ᠢᠷᠡᠭᠰᠡᠨ ᠾᠦᠩᠨᠦ ᠰᠢᠶᠦ᠋ᠩᠨᠦ ᠶ᠋ᠢᠨ ᠤᠳᠤᠮ     
 ᠴᠠᠭ ᠡᠷᠢᠨ ᠲᠡᠢ ᠮᠥᠷᠥ ᠵᠡᠷᠭᠡᠴᠡᠨ ᠴᠢᠳᠠᠪᠤᠷᠢᠲᠠᠨ ᠮᠡᠷᠭᠡᠵᠢᠯᠲᠡᠨ ᠴᠣᠯᠭᠣᠷᠠᠵᠤ    
 ᠴᠠᠭᠯᠠᠰᠢ ᠦᠭᠡᠢ ᠭᠡᠭᠡᠨ ᠪᠢᠯᠢᠭ ᠢ᠋ᠶ᠋ᠡᠷ ᠮᠠᠨᠳᠤᠯ ᠬᠥᠭᠵᠢᠯ ᠢ᠋ ᠨᠢ ᠬᠤᠷᠤᠢᠯᠠᠵᠤ   
 ᠴᠠᠭᠠᠨ ᠰᠦ ᠶ᠋ᠢᠨ ᠰᠠᠴᠤᠯᠢ ᠶ᠋ᠢᠨ ᠳᠠᠯᠠᠯᠭ᠎ᠠ ᠲᠠᠢ ᠡᠬᠡ ᠣᠷᠣᠨ ᠮᠥᠩᠬᠡᠷᠡᠨ᠎ᠡ   

           2024 10 3    

      ᠲᠤᠰ ᠰᠢᠯᠦᠭ ᠢ᠋ ᠮᠥᠴᠢᠷ ᠵᠠᠰᠠᠨ ᠬᠢᠨᠠᠵᠤ᠂ ᠤᠷᠢᠶᠠᠩᠬᠠᠢ ᠨᠠᠷᠠᠨᠮᠠᠨᠲᠠ ᠠᠮᠢᠯᠠᠭᠤᠯᠪᠠ᠃