1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠣᠷᠠᠢ ᠪᠠᠨᠳᠢ -ᠨᠠᠰᠤᠨᠴᠢᠮᠡᠭ Тоорой банди-Насончимэг

ᠲᠣᠣᠷᠠᠢ ᠪᠠᠨᠳᠢ -ᠨᠠᠰᠤᠨᠴᠢᠮᠡᠭ Тоорой банди-Насончимэг

2024-11-20

1504

ᠲᠣᠣᠷᠠᠢ ᠪᠠᠨᠳᠢ

  (ᠤᠷᠠᠳ ᠠᠷᠠᠳ ᠤ᠋ᠨ ᠳᠠᠭᠤᠤ) 
    ᠳᠠᠭᠤᠴᠢᠨ᠄ ᠨᠠᠰᠤᠨᠴᠢᠮᠡᠭ 

ᠲᠣᠣᠷᠠᠢ ᠪᠠᠨᠳᠢ ᠶ᠋ᠢ ᠪᠠᠢᠬᠤ ᠳ᠋ᠤ᠌ 
ᠲᠣᠷᠭᠠᠨ ᠤ᠋ ᠰᠠᠢᠨ ᠢ᠋ ᠡᠮᠦᠰᠦᠯ᠎ᠡ ᠳᠡ 
ᠲᠣᠣᠷᠠᠢ ᠪᠠᠨᠳᠢ ᠶ᠋ᠢ ᠶᠠᠪᠤᠭᠰᠠᠨ ᠠ᠋ᠴᠠ ᠬᠣᠢᠰᠢ 
ᠲᠣᠰᠣ ᠲᠠᠢ ᠳᠠᠪᠤᠤ ᠴᠤ᠌ ᠣᠯᠳᠠᠭ᠎ᠠ ᠦᠭᠡᠢ 

ᠠᠯᠠᠭ ᠲᠣᠯᠣᠭᠠᠢ ᠳ᠋ᠤ᠌ ᠪᠠᠭᠤᠭᠰᠠᠨ ᠠ᠋ᠴᠠ ᠬᠣᠢᠰᠢ 
ᠠᠳᠤᠭᠤ ᠮᠢᠨᠢ ᠲᠣᠭᠲᠠᠬᠤ ᠪᠠᠨ ᠪᠠᠢᠯ᠎ᠠ ᠳᠠ 
ᠠᠮᠠᠷᠠᠭ ᠲᠣᠣᠷᠠᠢ ᠪᠠᠨ ᠶᠠᠪᠤᠭᠰᠠᠨ ᠠ᠋ᠴᠠ ᠬᠣᠢᠰᠢ 
ᠰᠡᠳᠬᠢᠯ ᠮᠢᠨᠢ ᠲᠣᠭᠲᠠᠬᠤ ᠪᠠᠨ ᠪᠠᠢᠯ᠎ᠠ ᠳᠠ 

ᠭᠤᠨ᠎ᠠ ᠭᠤᠨᠵᠢ ᠶ᠋ᠢᠨ ᠨᠢᠷᠤᠭᠤᠨ ᠳᠡᠭᠡᠷ᠎ᠡ
ᠭᠤᠩᠬᠠᠵᠤ ᠶᠠᠪᠤᠭᠰᠠᠨ ᠲᠣᠣᠷᠠᠢ ᠰᠢᠦ
ᠭᠤᠴᠢᠨ ᠬᠣᠶᠠᠷ ᠰᠢᠳᠦ ᠶ᠋ᠢ ᠪᠡᠨ
ᠢᠷᠠᠯᠵᠠᠭᠤᠯᠤᠭᠰᠠᠨ ᠲᠣᠣᠷᠠᠢ ᠰᠢᠦ

ᠰᠢᠪᠡᠭᠡ ᠰᠢᠭᠤᠢ ᠮᠣᠳᠣᠨ ᠳ᠋ᠤ᠌ ᠪᠠᠨ
ᠰᠢᠯᠪᠡᠯᠵᠡᠭᠦᠯᠦᠭᠰᠡᠨ ᠲᠣᠣᠷᠠᠢ ᠰᠢᠦ
ᠰᠢᠪᠡᠭᠡ ᠬᠠᠯᠢᠭᠤᠨ ᠨᠢᠳᠤᠷᠭ᠎ᠠ ᠶ᠋ᠢ
ᠰᠣᠭᠰᠣᠯᠵᠠᠭᠤᠯᠤᠭᠰᠠᠨ ᠲᠣᠣᠷᠠᠢ ᠰᠢᠦ

  ᠦᠰᠦᠭ ᠠᠮᠢᠯᠠᠭᠤᠯᠤᠭᠴᠢ᠄ ᠡᠩᠬᠡᠮᠡᠨᠳᠦ
  ᠬᠢᠨᠠᠭᠴᠢ ᠪᠠᠭᠰᠢ᠄ ᠣᠳᠬᠠᠨᠰᠣ᠎ᠠ