ᠪᠢᠳᠡ ᠬᠥᠳᠡᠭᠡᠨ ᠦ᠌ ᠬᠡᠦᠬᠡᠳ ᠦ᠋ᠳ ᠪᠠᠢᠯ᠎ᠠБид хөдөөний хүүхдүүд байлаа
ᠪᠢᠳᠡ ᠬᠥᠳᠡᠭᠡᠨ ᠦ᠌ ᠬᠡᠦᠬᠡᠳ ᠦ᠋ᠳ ᠪᠠᠢᠯ᠎ᠠ
ᠪᠢᠳᠡ ᠬᠥᠳᠡᠭᠡᠨ ᠦ᠌ ᠬᠡᠦᠬᠡᠳ ᠦ᠋ᠳ ᠪᠠᠢᠯ᠎ᠠ
ᠭᠡᠷ ᠦ᠋ᠨ ᠢ᠋ᠶ᠋ᠡᠨ ᠪᠦᠰᠡᠯᠡᠭᠦᠷ ᠲᠦ᠍ ᠰᠢᠯᠪᠢᠭᠦᠷ ᠰᠣᠢᠵᠤ ᠮᠣᠷᠢᠨ ᠳ᠋ᠤ᠌ ᠳᠤᠷᠠᠯᠠᠭᠰᠠᠨ
ᠭᠡᠷᠭᠡᠢ ᠲᠡᠢ ᠪᠣᠯᠵᠤ ᠴᠢᠯᠠᠭᠤᠨ ᠭᠡᠷ ᠲᠦ᠍ ᠡᠵᠡᠨ ᠰᠠᠭᠤᠵᠤ ᠲᠣᠭᠯᠠᠭᠰᠠᠨ
ᠰᠠᠭᠠᠷᠢᠨ ᠬᠠᠴᠠᠷᠯᠠᠵᠤ ᠪᠤᠰᠤᠳ ᠤ᠋ᠨ ᠥᠬᠥᠭᠡᠷᠳᠡᠯᠲᠡ ᠳ᠋ᠦ᠍( ᠴᠡᠭᠡᠷ ) ᠲᠡᠢ ᠪᠣᠯᠤᠭᠰᠠᠨ
ᠰᠠᠢᠨ ᠡᠷ᠎ᠡ ᠪᠣᠯᠤᠨ᠎ᠠ ᠭᠡᠵᠦ ᠠᠢᠯ ᠤ᠋ᠨ ᠡᠪᠦᠭᠡ ᠳ᠋ᠦ᠍ ᠮᠠᠭᠲᠠᠭᠤᠯᠵᠤ ᠶᠠᠪᠤᠭᠰᠠᠨ
ᠪᠢ ᠬᠥᠳᠡᠭᠡᠨ ᠦ᠌ ᠬᠦᠦ ᠪᠠᠢᠯ᠎ᠠ
ᠪᠢᠳᠡ ᠬᠥᠳᠡᠭᠡᠨ ᠦ᠌ ᠬᠡᠦᠬᠡᠳ ᠦ᠋ᠳ ᠪᠠᠢᠯ᠎ᠠ
ᠰᠠᠭᠠᠬᠠᠯᠲᠠ ᠶ᠋ᠢᠨ ᠬᠣᠭᠣᠷᠣᠨᠳᠣ ᠭᠡᠳᠡᠰᠦ ᠳᠣᠲᠣᠷ ᠵᠥᠭᠡᠭᠡᠵᠦ
ᠰᠠᠪᠠᠨ ᠳ᠋ᠤ᠌ ᠨᠢ ᠢᠷᠡᠭᠰᠡᠨ ᠠᠮᠲᠠᠲᠠᠨ ᠳ᠋ᠤ᠌ ᠰᠡᠳᠬᠢᠯ ᠬᠥᠭᠡᠷᠴᠦ ᠭᠦᠶᠦᠭᠰᠡᠨ
ᠲᠣᠮᠣ ᠪᠣᠯᠤᠭᠠᠳ ᠪᠢ ᠤᠶᠠᠭᠠᠴᠢ ᠪᠣᠯᠤᠨ᠎ᠠ ᠭᠡᠵᠦ
ᠱᠠᠭᠠᠢ ᠬᠠᠷᠪᠤᠵᠤ ᠮᠣᠷᠢ ᠤᠷᠤᠯᠳᠤᠭᠤᠯᠤᠭᠰᠠᠨ
ᠲᠣᠮᠣᠳᠠᠭᠰᠠᠨ ᠭᠤᠲᠤᠯ ᠲᠠᠢ᠂ ᠲᠣᠮᠣᠭ᠎ᠠ ᠪᠣᠳᠣᠯ ᠲᠠᠢ᠂ ᠵᠢᠵᠢᠭᠬᠡᠨ ᠪᠡᠶ᠎ᠡ ᠲᠡᠢ
ᠬᠥᠳᠡᠭᠡᠨ ᠦ᠌ ᠬᠡᠦᠬᠡᠳ ᠦ᠋ᠳ ᠪᠠᠢᠯ᠎ᠠ᠃
ᠪᠢᠳᠡ ᠬᠥᠳᠡᠭᠡᠨ ᠦ᠌ ᠬᠡᠦᠬᠡᠳ ᠦ᠋ᠳ ᠪᠠᠢᠯ᠎ᠠ
ᠦᠶ᠎ᠡ ᠶ᠋ᠢᠨ ᠬᠡᠦᠬᠡᠳ ᠦ᠋ᠳ ᠲᠡᠢ ᠪᠤᠭᠤᠢᠯᠢ ᠪᠤᠯᠢᠶᠠᠯᠳᠤᠵᠤ
ᠦᠨᠢᠶᠡᠨ ᠦ᠌ ᠵᠠᠯᠠᠨ ᠳ᠋ᠤ᠌ ᠲᠤᠭᠤᠯ ᠲᠠᠢ ᠨᠣᠴᠣᠯᠳᠤᠵᠤ
ᠨᠣᠢᠷ ᠢ᠋ᠶ᠋ᠠᠨ ᠬᠦᠷᠲᠡᠯ᠎ᠡ ᠲᠠᠷᠠᠭ ᠤᠤᠭᠤᠵᠤ
ᠨᠤᠤᠯᠠᠷᠠᠭᠰᠠᠨ ᠳᠡᠪᠡᠯ ᠢ᠋ᠶ᠋ᠡᠨ ᠬᠠᠳᠠᠨ ᠳ᠋ᠤ᠌ ᠤᠷᠠᠵᠤ
ᠨᠣᠴᠣᠯᠳᠤᠬᠤ ᠶᠠᠭᠤᠮ᠎ᠠ ᠡᠬᠢ ᠲᠡᠢ ᠠᠵᠢᠯᠰᠠᠭ
ᠨᠣᠮᠯᠠᠬᠤ ᠬᠥᠮᠦᠨ ᠡᠬᠡ ᠲᠡᠢ ᠰᠣᠨᠣᠰᠤᠭᠴᠢ
ᠪᠢᠳᠡ ᠬᠥᠳᠡᠭᠡᠨ ᠦ᠌ ᠬᠡᠦᠬᠡᠳ ᠪᠠᠢᠯ᠎ᠠ
ᠬᠣᠨᠢᠨ ᠤ᠋ ᠮᠣᠷᠢᠨ ᠳ᠋ᠤ᠌ ᠳᠥᠷᠥᠭᠡᠯᠡᠴᠢᠬᠡᠭᠡᠳ
ᠡᠷ᠎ᠡ ᠬᠥᠮᠦᠨ ᠪᠣᠯᠤᠭᠰᠠᠨ ᠶᠤᠮ ᠰᠢᠭ᠋ ᠣᠩᠭᠢᠷᠠᠵᠤ
ᠬᠣᠩᠭᠣᠷ ᠤ᠋ᠨ ᠢ᠋ᠶ᠋ᠠᠨ
ᠵᠢᠭᠠᠯ ᠢ᠋ᠶ᠋ᠠᠷ ᠳᠠᠪᠠᠴᠢᠬᠠᠭᠠᠳ
ᠠᠪᠤᠷᠭᠤ ᠪᠣᠯᠤᠭᠰᠠᠨ ᠶᠤᠮ ᠰᠢᠭ᠋ ᠣᠭᠣᠳᠣᠷᠠᠵᠤ
ᠪᠣᠷᠣ ᠬᠣᠳᠣᠭᠣᠳᠣ ᠪᠠᠨ ᠠᠭᠠᠷᠤᠤᠯ ᠵᠥᠭᠡᠬᠡᠢ ᠬᠢᠨ ᠢ᠋ᠶ᠋ᠡᠷ ᠳᠦᠭᠦᠷᠭᠡᠴᠢᠬᠡᠭᠡᠳ
ᠪᠣᠳᠣᠬᠤ ᠰᠠᠨᠠᠬᠤ ᠶᠠᠭᠤᠮ᠎ᠠ ᠦᠭᠡᠢ ᠡᠳᠦᠷᠵᠢᠨ ᠭᠠᠳᠠᠭ᠎ᠠ ᠲᠣᠭᠯᠠᠳᠠᠭ
ᠪᠢ ᠬᠥᠳᠡᠭᠡᠨ ᠦ᠌ ᠬᠦᠦ ᠪᠠᠢᠯ᠎ᠠ
ᠨᠡᠭᠦᠳᠡᠯ ᠬᠢᠬᠦ ᠳ᠋ᠦ᠍ ᠠᠷᠤᠭ ᠲᠤ ᠪᠠᠭᠲᠠᠭᠠᠳ ᠰᠠᠭᠤᠴᠢᠬᠠᠳᠠᠭ
ᠨᠡᠭᠦᠵᠦ ᠢᠷᠡᠭᠰᠡᠨ ᠠᠢᠯ ᠤ᠋ᠨ ᠥᠭᠡᠳᠡ ᠡᠴᠡ ᠡᠵᠢ ᠲᠡᠢ ᠪᠡᠨ ᠬᠠᠮᠲᠤ ᠴᠠᠢ ᠪᠠᠷᠢᠭᠠᠳ ᠤᠭᠲᠤᠳᠠᠭ
ᠡᠮᠧ ᠢᠮᠠᠭ᠎ᠠ ᠬᠣᠶᠠᠷ ᠢ᠋ ᠰᠠᠭᠠᠯᠢ ᠶ᠋ᠢᠨ ᠴᠠᠭ ᠢ᠋ᠶ᠋ᠠᠷ ᠣᠷᠢᠯᠠᠭᠤᠯᠳᠠᠭ
ᠡᠵᠢ ᠳ᠋ᠦ᠍ ᠪᠡᠨ ᠮᠥᠨ ᠴᠦ᠍ ᠰᠠᠬᠢᠯᠭ᠎ᠠ ᠦᠭᠡᠢ ᠬᠡᠦᠬᠡᠳ ᠦ᠋ᠳ ᠪᠠᠢᠯ᠎ᠠ
ᠪᠢᠳᠡ ᠬᠥᠳᠡᠭᠡᠨ ᠦ᠌ ᠬᠡᠦᠬᠡᠳ ᠦ᠋ᠳ ᠪᠠᠢᠯ᠎ᠠ
