ᠪᠣᠷᠵᠢᠭᠢᠨ ᠤ᠋ ᠡᠷᠢᠯ – ᠪᠣᠷᠵᠢᠭᠢᠨ᠂ ᠶᠤᠸᠠᠨ ᠶᠧ Боржигны эрэл – Бoржигон ᠂ Юан ийе ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠷᠵᠢᠭᠢᠨ ᠤ᠋ ᠡᠷᠢᠯ – ᠪᠣᠷᠵᠢᠭᠢᠨ᠂ ᠶᠤᠸᠠᠨ ᠶᠧ Боржигны эрэл – Бoржигон ᠂ Юан ийе

ᠪᠣᠷᠵᠢᠭᠢᠨ ᠤ᠋ ᠡᠷᠢᠯ – ᠪᠣᠷᠵᠢᠭᠢᠨ᠂ ᠶᠤᠸᠠᠨ ᠶᠧ Боржигны эрэл – Бoржигон ᠂ Юан ийе

2024-11-19

453

ᠪᠣᠷᠵᠢᠭᠢᠨ ᠤ᠋ ᠡᠷᠢᠯ


       ᠪᠣᠷᠵᠢᠭᠢᠨ ᠨᠢ ᠮᠢᠨᠦ ᠮᠣᠩᠭᠣᠯ ᠣᠪᠣᠭ᠂《ᠮᠣᠩᠭᠣᠯ ᠤ᠋ᠨ ᠨᠢᠭᠤᠴᠠ ᠲᠣᠪᠴᠢᠶᠠᠨ》 ᠤ᠋ ᠬᠢᠲᠠᠳ ᠣᠷᠴᠢᠭᠤᠯᠭ᠎ᠠ ᠳ᠋ᠤ᠌ ᠪᠦᠸᠧ ᠡᠯ ᡁᠢ ᠶ᠋ᠢᠨ ᠭᠡᠵᠦ ᠪᠢᠴᠢᠳᠡᠭ᠃ ᠬᠢᠲᠠᠳ ᠬᠥᠮᠦᠨ ᠳᠡᠢᠯᠦᠩᠭᠦᠢ ᠣᠯᠠᠨ ᠢ᠋ ᠡᠵᠡᠯᠡᠨ ᠪᠠᠢᠭ᠎ᠠ ᠬᠣᠲᠠ ᠭᠠᠵᠠᠷ᠂ ᠡᠨᠡ ᠪᠤᠳᠤᠯᠢᠶᠠᠨ ᠲᠠᠢ ᠣᠪᠣᠭ ᠤ᠋ᠨ ᠲᠤᠬᠠᠢ ᠶᠡᠬᠡ ᠴᠠᠭ ᠣᠷᠣᠭᠤᠯᠵᠤ ᠲᠠᠢᠯᠪᠤᠷᠢᠯᠠᠬᠤ ᠲᠤᠯᠠ ᠶᠡᠷᠦ ᠶ᠋ᠢᠨ ᠴᠠᠭ ᠲᠤ᠌ ᠪᠢ ᠪᠠᠷᠤᠭ ᠬᠡᠷᠡᠭᠡᠯᠳᠡᠭ ᠦᠭᠡᠢ ᠶᠦ᠍ᠮ᠃ 
       ᠵᠣᠬᠢᠶᠠᠯ ᠨᠡᠢᠲᠡᠯᠡᠬᠦ ᠳ᠋ᠦ᠍ ᠪᠡᠨ ᠬᠠᠶᠠ ᠣᠪᠣᠭ ᠢ᠋ᠶ᠋ᠠᠨ ᠲᠠᠯᠪᠢᠵᠤ᠂ 《ᠪᠣᠷᠵᠢᠭᠢᠨ᠂ ᠶᠤᠸᠠᠨ ᠶᠧ》 ᠭᠡᠳᠡᠭ᠃ ᠰᠢᠯᠦᠭᠴᠢ ᠵᠣᠣ ᠵᠢᠶᠠᠨ ᠰᠢᠶᠦ᠋ᠩ ᠦ᠋ᠨ ᠬᠡᠯᠡᠬᠦ ᠪᠡᠷ ᠡᠨᠡ ᠨᠢ 《ᠮᠣᠩᠭᠣᠯ ᠬᠢᠲᠠᠳ ᠬᠠᠪᠰᠤᠷᠭᠠᠭᠰᠠᠨ》 ᠭᠡᠨ᠎ᠡ᠃ ᠵᠣᠬᠢᠶᠠᠯ ᠳᠡᠭᠡᠷ᠎ᠡ ᠪᠡᠨ ᠣᠪᠣᠭ ᠢ᠋ᠶ᠋ᠠᠨ ᠲᠣᠳᠣᠷᠬᠠᠢᠯᠠᠳᠠᠭ ᠨᠢ ᠥᠨᠥᠬᠢ ᠶᠤᠸᠠᠨ ᠶᠧ (ᠵᠢᠩᠬᠢᠨᠢ ᠲᠠᠯ᠎ᠠ ᠨᠤᠲᠤᠭ ) ᠤ᠋ᠨ ᠠᠭᠤᠳᠠᠮ ᠦᠵᠡᠰᠬᠦᠯᠡᠩ ᠲᠡᠢ ᠮᠥᠴᠡᠭᠡᠷᠬᠡᠭᠰᠡᠨ ᠰᠠᠨᠠᠭ᠎ᠠ ᠦᠭᠡᠢ ᠭᠡᠰᠡᠨ ᠢ᠋ᠶ᠋ᠡᠨ ᠢᠯᠡᠳᠬᠡᠭᠰᠡᠨ ᠲᠡᠳᠦᠢ ᠡᠴᠡ ᠪᠢᠰᠢ ᠥᠭᠡᠷ᠎ᠡ ᠭᠦᠨ ᠤᠳᠬ᠎ᠠ ᠦᠭᠡᠢ ᠶᠦ᠍ᠮ᠃ ᠭᠡᠰᠡᠨ ᠴᠦ᠍ ᠶᠠᠷᠰᠢᠭ ᠠ᠋ᠴᠠ ᠵᠠᠢᠯᠠᠵᠤ ᠴᠢᠳᠠᠭᠰᠠᠨ ᠦᠭᠡᠢ᠃ 
       ᠮᠢᠨᠦ 《ᠨᠤᠲᠤᠭ ᠤ᠋ᠨ ᠠᠶ᠎ᠠ》 ᠭᠡᠳᠡᠭ ᠰᠢᠯᠦᠭ ᠮᠠᠨ ᠤ᠋ ᠤᠯᠤᠰ ᠤ᠋ᠨ ᠠᠩᠭ᠌ᠯᠢ ᠬᠡᠯᠡ ᠪᠡᠷ ᠬᠡᠪᠯᠡᠨ ᠲᠠᠷᠬᠠᠭᠠᠳᠠᠭ ᠰᠡᠳᠬᠦᠯ ᠳᠡᠭᠡᠷ᠎ᠡ ᠣᠷᠴᠢᠭᠤᠯᠤᠭᠳᠠᠨ ᠨᠡᠢᠲᠡᠯᠡᠭᠳᠡᠭᠡᠳ ᠪᠠᠭ᠎ᠠ ᠰᠠᠭ᠎ᠠ ᠬᠠᠷᠠᠮᠵᠢ ᠥᠭᠴᠡᠢ᠃ ᠡᠨᠡ ᠬᠡᠳᠦᠬᠡᠨ ᠵᠣᠭᠣᠰ ᠨᠢ ᠡᠬᠡ ᠪᠢᠴᠢᠭ ᠦ᠋ᠨ ᠬᠠᠷᠠᠮᠵᠢ ᠶ᠋ᠢᠨ ᠮᠥᠩᠭᠥ ᠭᠡᠵᠦ ᠪᠢ ᠤᠤᠯ ᠨᠢ ᠮᠡᠳᠡᠭᠰᠡᠨ ᠦᠭᠡᠢ᠃ ᠨᠢᠭᠡᠨ ᠬᠤᠪᠢ ᠳᠤᠮᠳᠠᠳᠤ ᠤᠯᠤᠰ ᠤ᠋ᠨ ᠪᠠᠩᠬᠢ ᠶ᠋ᠢᠨ ᠮᠡᠳᠡᠭᠳᠡᠯ ᠳ᠋ᠦ᠍ ᠪᠡᠨ᠂ ᠲᠤᠰ ᠮᠡᠳᠡᠭᠳᠡᠯ ᠢ᠋ᠶ᠋ᠡᠷ ᠮᠠᠨ ᠤ᠋ ᠬᠢᠨ ᠡᠴᠡ ᠵᠠᠢᠳᠠᠭᠤ ᠪᠠᠢᠳᠠᠭ ᠰᠠᠯᠪᠤᠷᠢ ᠪᠠᠩᠬᠢ ᠠ᠋ᠴᠠ ᠣᠴᠢᠵᠤ ᠵᠣᠭᠣᠰ ᠢ᠋ᠶ᠋ᠠᠨ ᠠᠪ ᠭᠡᠵᠦ ᠮᠡᠳᠡᠭᠳᠡᠭᠰᠡᠨ ᠪᠠᠢᠵᠠᠢ᠃ 
       ᠳᠤᠮᠳᠠᠳᠤ ᠤᠯᠤᠰ ᠤ᠋ᠨ ᠪᠠᠩᠬᠢ ᠨᠢ ᠳ᠋ᠣᠯᠯᠠᠷ ᠭᠡᠬᠦ ᠮᠡᠲᠦ ᠶ᠋ᠢᠨ ᠭᠠᠳᠠᠭᠠᠳᠤ ᠶ᠋ᠢᠨ ᠵᠣᠭᠣᠰ ᠵᠤᠭ᠎ᠠ ᠲᠠᠢ ᠬᠣᠯᠪᠣᠭᠳᠠᠯ ᠪᠦᠬᠦᠢ ᠮᠥᠩᠭᠥᠨ ᠭᠦᠢᠯᠭᠡᠭᠡᠨ ᠦ᠌ ᠪᠠᠢᠭᠤᠯᠤᠮᠵᠢ ᠭᠡᠳᠡᠭ ᠢ᠋ ᠪᠢ ᠮᠡᠳᠡᠳᠡᠭ᠃ ᠨᠠᠳᠠ ᠳ᠋ᠤ᠌ ᠬᠥᠭᠰᠡᠮᠡᠷ ᠶᠠᠭᠤ ᠯᠠ ᠪᠠᠢᠬᠤ ᠪᠣᠢ᠂ ᠪᠢ ᠳ᠋ᠣᠯᠯᠠᠷ ᠲᠠᠢ ᠶᠠᠮᠠᠷ ᠴᠤ᠌ ᠭᠣᠭᠴᠣᠭ᠎ᠠ ᠬᠣᠯᠪᠣᠭ᠎ᠠ ᠪᠠᠢᠳᠠᠭ ᠦᠭᠡᠢ ᠶᠦ᠍ᠮ ᠪᠣᠯᠠᠠᠣᠷ ᠲᠡᠭᠦᠨ ᠲᠡᠢ ᠶᠠᠭᠤᠨᠠᠢ ᠨᠠᠭᠠᠯᠢᠩᠬᠠᠢᠲᠤᠵᠤ ᠴᠢᠳᠠᠬᠤ ᠪᠣᠢ ? ᠲᠡᠨᠳᠡ ᠨᠢ ᠬᠦᠷᠦᠭᠡᠳ ᠭᠡᠷᠡᠴᠢ ᠪᠢᠴᠢᠭ ᠢ᠋ ᠣᠯᠵᠤ ᠠᠪᠤᠭᠠᠳ ᠦᠵᠡᠭᠰᠡᠨ ᠴᠢᠨᠢ ᠵᠢᠷᠭᠤᠭᠠᠨ ᠲᠥᠭᠥᠷᠢᠭ ᠦ᠋ᠨ ᠬᠠᠷᠠᠮᠵᠢ ᠪᠠᠢᠵᠠᠢ᠃ ᠡᠨᠡ ᠬᠡᠳᠦᠨ ᠵᠣᠭᠣᠰ ᠢ᠋ ᠣᠯᠵᠤ ᠠᠪᠠᠠᠣ ᠳ᠋ᠤ᠌ ᠠᠷᠪᠠᠭᠠᠳ ᠭᠠᠷ ᠬᠥ᠍ᠢᠴᠠᠣᠠᠬᠡᠯ ᠢ᠋ ᠥᠩᠭᠡᠷᠡᠭᠡᠨ᠎ᠡ᠃ ᠵᠢᠱ᠌ᠢᠶᠡᠯᠡᠪᠡᠯ ᠨᠢᠭᠡᠨ ᠵᠢᠵᠢᠭᠬᠡᠨ ᠭᠠᠤᠯᠢᠨ ᠫᠠᠢᠰᠠ ᠪᠠᠷ ᠡᠨᠡ ᠲᠡᠷᠡ ᠶ᠋ᠢ ᠨᠢ ᠰᠣᠯᠢᠵᠤ ᠠᠪᠠᠠᠣ ᠳ᠋ᠤ᠌ ᠪᠠᠨ ᠭᠠᠷ ᠬᠥ᠍ᠢᠴᠠᠣᠠᠬᠡᠯ ᠪᠣᠯᠭᠠᠨ ᠳ᠋ᠤ᠌ ᠳᠡᠰ ᠳᠠᠷᠠᠭᠠᠯᠠᠨ ᠮᠥᠷᠯᠡᠵᠦ ᠵᠣᠭᠰᠣᠨ᠎ᠠ᠃ ᠡᠳᠡᠭᠡᠷ ᠮᠦᠷᠯᠩᠰᠠᠣᠨ ᠤᠨ ᠳᠣᠲᠣᠷ᠎ᠠ ᠣᠯᠠᠩᠬᠢ ᠨᠢ ᠴᠦ᠍ ᠠᠵᠤ ᠠᠬᠤᠢᠯᠠᠯ ᠤ᠋ᠨ ᠬᠢᠨ ᠪᠠ ᠬᠤᠪᠢ ᠶ᠋ᠢᠨ ᠡᠵᠡᠩᠨᠡᠭᠴᠢᠳ ᠮᠡᠲᠦ ᠶ᠋ᠢᠨ ᠪᠡᠯᠡᠳᠬᠡᠯ ᠮᠥᠩᠭᠥ ᠠᠪᠠᠠᠣ ᠭᠡᠵᠦ ᠪᠠᠢᠬᠤ ᠬᠥᠮᠦᠰ᠂ ᠵᠢᠷᠭᠤᠭᠠᠨ ᠲᠥᠭᠥᠷᠢᠭ ᠨᠢ ᠮᠡᠳᠡᠭᠡᠵᠢ ᠪᠡᠷ ᠬᠠᠮᠤᠭ ᠪᠠᠭ᠎ᠠ ᠲᠣᠭ᠎ᠠ᠃ 
       ᠭᠠᠤᠯᠢᠨ ᠫᠠᠢᠰᠠ ᠥᠭᠳᠡᠭ ᠠᠪᠠᠬᠠᠢ ᠫᠠᠢᠰᠠ ᠪᠠᠨ ᠳᠢᠩᠭᠢᠨᠠᠲᠠᠯ᠎ᠠ ᠰᠢᠲᠠᠵᠤ ᠢᠷᠡᠭᠦᠯᠬᠦ ᠳ᠋ᠦ᠍ ᠪᠡᠨ ᠵᠤᠤᠮᠠᠰᠬᠢᠨ ᠢᠨᠢᠶᠡᠬᠦ ᠶ᠋ᠢ ᠣᠯᠵᠤ ᠬᠠᠷᠠᠭᠰᠠᠨ ᠮᠢᠨᠦ ᠳᠣᠲᠣᠷ᠎ᠠ᠂ ᠰᠢᠶᠠᠨ ᠾᠧᠩ ᠠᠷᠢᠬᠢᠨ ᠮᠤᠬᠤᠯᠠᠭ ᠤ᠋ᠨ ᠬᠢᠨ ᠺᠦᠩ ᠢ ᠵᠢᠢ ᠶ᠋ᠢ ᠡᠯᠡᠭᠯᠡᠬᠦ ᠳ᠋ᠦ᠍ ᠪᠡᠨ ᠢᠩᠭᠢᠵᠦ ᠯᠡ ᠢᠨᠢᠶᠡᠵᠦ ᠪᠠᠢᠭᠰᠠᠨ ᠪᠠᠢᠬᠤ ᠠ᠋ ᠭᠡᠵᠦ ᠲᠠᠭᠠᠮᠠᠭᠯᠠᠪᠠ᠃ ᠵᠣᠭᠣᠰ ᠢ᠋ᠶ᠋ᠠᠨ ᠠᠪᠠᠠᠣ ᠴᠠᠭ ᠲᠤᠯᠵᠤ ᠢᠷᠡᠯ᠎ᠡ᠃ 《ᠲᠡᠷᠡ ᠴᠢᠨᠢ ᠬᠡᠨ ᠶᠦ᠍ᠮ?》 ᠵᠣᠭᠣᠰ ᠥᠭᠳᠡᠭ ᠠᠪᠠᠬᠠᠢ ᠶ᠋ᠢᠨ ᠦᠭᠡ ᠶ᠋ᠢ ᠣᠢᠯᠠᠭᠠᠭᠰᠠᠨ ᠦᠭᠡᠢ ᠪᠢ ᠰᠡᠩᠳᠡ ᠮᠡᠩᠳᠡ ᠡᠷᠭᠢᠵᠦ ᠬᠠᠷᠠᠪᠠᠯ᠄ 
       《ᠪᠣᠷᠵᠢᠭᠢᠨ ᠴᠢᠨᠢ ᠬᠡᠨ ᠶᠦ᠍ᠮ ? 》 ᠭᠡᠰᠡᠨ ᠥᠨᠳᠥᠷ ᠳᠠᠭᠤᠨ ᠬᠠᠩᠭᠢᠨᠠᠨ᠎ᠠ᠃ 
       《ᠪᠢ ᠪᠣᠯ ᠪᠣᠷᠵᠢᠭᠢᠨ ᠰᠢᠲᠠ ! 》 ᠭᠡᠵᠦ ᠪᠢ ᠲᠤᠩ ᠡᠶᠡᠯᠰᠡᠭ ᠬᠠᠷᠢᠭᠤᠯᠪᠠ᠃ ᠠᠪᠠᠬᠠᠢ ᠪᠢᠳᠡ ᠬᠣᠶᠠᠷ ᠤ᠋ᠨ ᠳᠤᠮᠳᠠ ᠵᠣᠭᠣᠰ ᠲᠠᠬᠡᠷᠠᠮᠳ᠋ᠩᠴᠢ ᠶ᠋ᠢ ᠰᠡᠷᠭᠡᠢᠯᠡᠭᠰᠡᠨ ᠲᠡᠮᠦᠷ ᠭᠤᠤᠷᠰᠤ ᠪᠠᠷ ᠭᠠᠩᠨᠠᠨ ᠬᠢᠭᠰᠡᠨ ᠰᠡᠷᠡᠯᠵᠢ ᠵᠠᠭᠠᠭᠯᠠᠬᠤ ᠪᠠᠷ ᠪᠠᠷᠠᠠᠠᠣ ᠦᠭᠡᠢ ᠪᠠᠰᠠ ᠮᠧᠲ᠋ᠷ ᠰᠢᠬᠠᠮ ᠥᠷᠭᠡᠨ ᠬᠠᠷ᠎ᠠ ᠭᠠᠨᠲᠢᠭ ᠴᠢᠯᠠᠭᠤᠨ ᠲᠠᠢᠰᠠ ᠪᠢᠳᠡᠨ ᠦ᠌ ᠳᠤᠮᠳᠠ ᠬᠥᠨᠳᠡᠯᠢᠰᠦᠨ᠎ᠡ᠃ 
       《ᠲᠡᠭᠡᠪᠡᠯ ᠶᠤᠸᠠᠨ ᠶᠧ ᠭᠡᠳᠡᠭ ᠨᠢ ᠪᠠᠰᠠ ᠬᠡᠨ ᠪᠣᠯᠴᠢᠬᠠᠪᠠ ? 》 ᠭᠡᠵᠦ ᠪᠢᠷ ᠢ᠋ᠶ᠋ᠡᠷ ᠬᠠᠷ᠎ᠠ ᠭᠠᠨᠲᠢᠭ ᠴᠢᠯᠠᠭᠤᠨ ᠲᠠᠢᠰᠠ ᠶ᠋ᠢ ᠲᠣᠭᠰᠢᠵᠤ ᠪᠠᠢᠬᠤ ᠨᠢ ᠬᠡᠷᠡᠭ ᠭᠠᠷᠤᠭᠰᠠᠨ ᠤ᠋ ᠰᠢᠨᠵᠢ᠃ 
       《ᠪᠢ ᠪᠣᠯ ᠶᠠᠭ ᠶᠤᠸᠠᠨ ᠶᠧ ᠰᠢᠲᠠ᠃ 》 ᠶᠠᠪᠤᠳᠠᠯ ᠤᠴᠢᠷ ᠶᠠᠷᠰᠢᠭ ᠲᠠᠢ ᠵᠦᠭ ᠬᠠᠨᠳᠤᠯ᠎ᠠ᠃ 
       《ᠴᠢ ᠴᠣᠠᠠᠣᠮ ᠬᠡᠨ ᠭᠡᠳᠡᠭ ᠶᠦ᠍ᠮ ? 》 ᠭᠡᠵᠦ ᠲᠡᠷᠡ ᠯᠠᠪᠳᠠᠭᠤᠬᠠᠨ ᠠᠰᠠᠭᠤᠨ᠎ᠠ᠃ ᠮᠦᠷᠯᠩᠰᠠᠣᠨ ᠤᠨ ᠬᠠᠷᠠᠴᠠ ᠨᠠᠳᠠ ᠳᠡᠭᠡᠷ᠎ᠡ ᠰᠢᠯᠵᠢᠯ᠎ᠡ᠃ ᠪᠢ ᠺᠢᠨᠣ᠋ ᠲᠣᠭᠯᠠᠭᠴᠢ ᠪᠢᠰᠢ ᠲᠤᠯᠠ ᠣᠯᠠᠨ ᠤ᠋ ᠬᠠᠷᠠᠴᠠ ᠶ᠋ᠢᠨ ᠴᠣᠭᠣᠴᠢᠭᠠᠨ ᠳ᠋ᠤ᠌ ᠠᠮᠢᠰᠬᠤᠯ ᠲᠣᠭᠲᠠᠭᠤᠨ ᠠᠭᠠᠯᠢ ᠲᠠᠢᠪᠤᠭᠤ ᠪᠠᠢᠵᠤ ᠬᠡᠷᠬᠢᠨ ᠴᠢᠳᠠᠨ᠎ᠠ ᠳᠠ᠃ 
       《ᠶᠤᠸᠠᠨ ᠶᠧ ᠪᠣᠯ ᠮᠢᠨᠦ ᠨᠡᠷ᠎ᠡ᠂ ᠪᠣᠷᠵᠢᠭᠢᠨ ᠪᠣᠯ ᠁ 》 ᠭᠡᠵᠦ ᠳᠣᠣᠭᠤᠷ ᠳᠤᠤᠭᠠᠷᠪᠠ᠃ 《ᠮᠣᠩᠭᠣᠯ ᠤ᠋ᠨ ᠨᠢᠭᠤᠴᠠ ᠲᠣᠪᠴᠢᠶᠠᠨ》᠂ ᠪᠦᠸᠧ ᠡᠯ ᡁᠢ ᠶ᠋ᠢᠨ ᠢ᠋ ᠪᠢ ᠬᠠᠷᠢᠨ ᠴᠤᠬᠤᠢᠯᠭᠠᠭᠰᠠᠨ ᠦᠭᠡᠢ᠃ ᠲᠡᠷᠡ ᠢᠨᠢᠶᠡᠴᠢᠬᠡᠭᠡᠳ᠂ ᠨᠥᠭᠦᠭᠡ ᠡᠴᠡ ᠪᠡᠨ᠄ 
       《ᠪᠣᠷᠵᠢᠭᠢᠨ ᠣᠪᠣᠭ ᠲᠠᠢ ᠬᠥᠮᠦᠨ ᠢ᠋ ᠰᠣᠨᠣᠰᠴᠤ ᠪᠠᠢᠭᠰᠠᠨ ᠤᠤ ? 》 ᠭᠡᠵᠦ ᠠᠰᠠᠭᠣᠠᠠᠣ ᠳ᠋ᠤ᠌᠂ ᠨᠥᠭᠦᠭᠡ ᠨᠢ ᠪᠠᠰᠤᠮᠵᠢᠯᠠᠭᠰᠠᠨ ᠪᠠᠢᠷᠢ ᠲᠠᠢ ᠲᠣᠯᠣᠭᠠᠢ ᠰᠠᠵᠢᠨ᠎ᠠ᠃ ᠲᠡᠷᠡ ᠪᠠᠰᠠ ᠰᠡᠷᠡᠯᠵᠢ ᠶ᠋ᠢᠨ ᠭᠠᠳᠠᠨ᠎ᠠ ᠮᠥᠷᠯᠡᠨ ᠪᠠᠢᠭ᠎ᠠ ᠤᠯᠤᠰ ᠠ᠋ᠴᠠ᠄ 
       《ᠲᠠᠨᠤᠰ ᠪᠣᠷᠵᠢᠭᠢᠨ ᠣᠪᠣᠭ ᠲᠠᠢ ᠬᠥᠮᠦᠨ ᠢ᠋ ᠰᠣᠨᠣᠰᠴᠤ ᠪᠠᠢᠭᠰᠠᠨ ᠤᠤ ? 》 ᠭᠡᠬᠦ ᠳ᠋ᠦ᠍ ᠣ ᠡᠩᠭᠡᠰᠬᠡ ᠰᠠᠢᠬᠠᠨ ᠲᠦᠷᠬᠢᠭᠰᠡᠨ ᠴᠢᠷᠠᠢ ᠳᠡᠭᠡᠷ᠎ᠡ ᠨᠢ ᠮᠡᠬᠡᠯᠡᠯ ᠢ᠋ ᠵᠠᠳᠠ ᠢᠯᠡᠴᠢᠯᠡᠭᠰᠡᠨ ᠦ᠌ ᠳᠠᠷᠠᠭᠠᠬᠢ ᠪᠠᠶᠠᠰᠤᠯ ᠢᠯᠡᠷᠡᠴᠢᠬᠡᠭᠰᠡᠨ ᠪᠠᠢᠯ᠎ᠠ᠃ 
       ᠮᠢᠨᠦ ᠠᠭᠤᠷ ᠢ᠋ ᠬᠥᠳᠡᠯᠭᠡᠭᠰᠡᠨ ᠭᠡᠵᠢ ᠠ᠋᠂ ᠭᠡᠪᠡᠴᠦ ᠲᠡᠭᠦᠨ ᠦ᠌ ᠮᠡᠳᠡᠯᠭᠡ ᠦᠭᠡᠢ ᠶ᠋ᠢ ᠪᠣᠳᠣᠵᠤ ᠠᠭᠤᠷ ᠢ᠋ᠶ᠋ᠠᠨ ᠳᠠᠷᠤᠯ᠎ᠠ᠃ ᠺᠦᠩᠽᠢ ᠶ᠋ᠢᠨ ᠥᠭᠦᠯᠡᠭᠰᠡᠨ᠄ 《ᠮᠡᠳᠡᠬᠦ ᠦᠭᠡᠢ ᠬᠥᠮᠦᠨ ᠳ᠋ᠦ᠍ ᠪᠢᠲᠡᠭᠡᠢ ᠠᠭᠤᠷᠯᠠᠭᠲᠤᠨ》 ᠬᠡᠮᠡᠭᠰᠡᠨ ᠢ᠋ ᠪᠣᠳᠣᠭᠠᠳ᠄ 
       《ᠪᠢ ᠪᠣᠯ ᠮᠣᠩᠭᠣᠯ ᠬᠥᠮᠦᠨ᠂ ᠡᠢᠮᠦ ᠣᠪᠣᠭ ᠲᠠᠢ ᠶᠤᠮ 》 ᠭᠡᠯ᠎ᠡ ᠃ ᠨᠥᠭᠥᠭᠡᠳᠡᠬᠢ ᠨᠢ᠄ 
       《ᠴᠢᠮ᠎ᠠ ᠶ᠋ᠢ ᠲᠠᠪᠠᠠᠣᠷ ᠣᠪᠣᠭ ᠲᠠᠢ ᠪᠠᠷ ᠪᠣᠳ᠋ᠣᠠᠠᠣ ᠳ᠋ᠤ᠌ ᠶᠡᠬᠡᠲᠡᠭᠡᠳ ᠧᠦ ᠶᠠᠩ᠂ ᠵᠣ᠌ ᠬᠧ ᠶ᠋ᠢᠨ ᠬᠡᠮᠵᠢᠶᠡᠨ ᠳ᠋ᠦ᠍ ᠬᠦᠷᠬᠦ ᠯᠡ ᠲᠡᠳᠦᠢ᠂ ᠪᠣᠷᠵᠢᠭᠢᠨ? ᠬᠡᠩ!》 ᠭᠡᠵᠦ ᠰᠤᠷᠭᠠᠪᠠ᠃ ᠨᠠᠭᠠᠳᠤᠬᠢ ᠴᠢᠨᠢ ᠮᠡᠳᠡᠯᠭᠡ ᠦᠭᠡᠢ ᠪᠢᠰᠢ᠂ ᠪᠠᠰᠠ ᠪᠢᠳᠦᠷᠶᠡᠨ ᠰᠣᠨᠳᠣᠷ ᠵᠡᠭᠦᠴᠢᠬᠡᠵᠡᠢ᠃ ᠲᠡᠷᠡ ᠪᠠᠰᠠ ᠲᠠᠪᠠᠠᠣᠷ ᠣᠪᠣᠭ ᠮᠡᠳᠡᠨ᠎ᠡ᠂ ᠭᠡᠪᠡᠴᠦ ᠪᠠᠰᠠ ᠣᠪᠣᠭ ᠴᠢᠨᠢ《ᠶᠡᠬᠡᠳᠡᠭᠡᠳ》 ᠭᠡᠰᠡᠨ ᠬᠢᠵᠠᠭᠠᠷᠯᠠᠯ ᠲᠠᠢ᠂ ᠬᠢᠲᠠᠳ ᠬᠥᠮᠦᠨ ᠦ᠌ ᠣᠮᠣᠷᠬᠠᠭ ᠪᠠᠷᠳᠠᠮ ᠭᠡᠵᠦ ᠳᠡ᠃ ᠬᠡᠷᠪᠡ ᠪᠢ ᠲᠸᠭᠣᠷ ᠪᠠᠢᠭᠰᠠᠨ ᠪᠣᠯ 《ᠷᠠᠪᠢᠠᠳ᠋ᠷᠠᠨ᠋ᠠᠲ》 ᠭᠡᠳᠡᠭ ᠣᠪᠣᠭ ᠨᠢ ᠪᠠᠷᠤᠭ ᠡᠳᠡ ᠨᠠᠷ ᠤ᠋ᠨ ᠨᠢᠳᠦ ᠶ᠋ᠢ ᠨᠢ ᠪᠦᠯᠲᠡᠷᠡᠭᠦᠯᠬᠦ ᠪᠠᠢᠬᠤ ᠠ᠋᠃ 
       ᠵᠢᠷᠭᠤᠭᠠᠨ ᠲᠥᠭᠥᠷᠢᠭ ᠦ᠋ᠨ ᠲᠥᠯᠥᠭᠡ᠂ ᠣᠯᠠᠨ ᠬᠥᠮᠦᠰ ᠦ᠋ᠨ ᠡᠮᠦᠨ᠎ᠡ ᠡᠳᠡ ᠨᠠᠷ ᠲᠠᠢ ᠮᠠᠷᠭᠣᠯᠳ᠋ᠣᠠᠠᠣ ᠪᠤᠶᠤ ᠨᠡᠩ ᠢᠨᠢᠶᠡᠳᠦ ᠬᠦᠷᠭᠡᠬᠦ ᠡᠷᠳᠡᠮ ᠰᠢᠨᠵᠢᠯᠡᠭᠡᠨ ᠦ᠌ ᠴᠢᠨᠠᠷᠲᠠᠢ ᠶᠠᠷᠢᠯᠴᠠᠭᠠᠨ ᠢ᠋ ᠬᠢᠬᠦ ᠶ᠋ᠢᠨ ᠬᠡᠷᠡᠭ ᠦᠭᠡᠢ ᠲᠤᠯᠠ ᠠᠭᠠᠵᠢᠮᠬᠠᠨ ᠲᠠᠢᠯᠪᠤᠷᠢ ᠬᠢᠯ᠎ᠡ᠃ 《ᠧᠦ ᠶᠠᠩ ᠠ᠋ᠴᠠ ᠭᠠᠳᠠᠨ᠎ᠠ᠂ ᠷᠣᠨ᠋ᠠᠯᠸ · ᠷᠸᠭᠠᠨ᠂ ᠮᠢᠬᠠᠢᠯ᠂ ᠭᠣᠷᠪᠠᠴᠣᠸ ᠪᠠᠢᠳᠠᠭ ᠪᠢᠰᠢ ᠤᠤ ? 》 ᠭᠡᠬᠦ ᠳ᠋ᠦ᠍ ᠬᠥᠮᠦᠰ ᠢᠨᠢᠶᠡᠯᠴᠡᠪᠡ᠃ ᠲᠡᠳᠡ ᠨᠠᠷ ᠨᠠᠮ᠎ᠠ ᠶ᠋ᠢ ᠮᠡᠳᠡᠯᠭᠡ ᠪᠡᠨ ᠭᠠᠢᠬᠠᠭᠤᠯᠵᠤ ᠪᠠᠢᠨ᠎ᠠ ᠭᠡᠵᠦ ᠳᠣᠭᠣᠭᠢᠯᠠᠵᠤ ᠪᠠᠢᠭ᠎ᠠ ᠨᠢ ᠮᠡᠳᠡᠭᠡᠵᠢ᠃ 
       ᠵᠠᠷᠢᠮ ᠨᠢ᠄ 《ᠲᠡᠷᠡ ᠯᠠᠪ ᠶᠡᠬᠡ ᠰᠤᠷᠭᠠᠭᠤᠯᠢ ᠳ᠋ᠤ᠌ ᠰᠤᠷᠤᠯᠴᠠᠭᠰᠠᠨ ᠪᠠᠢᠬᠤ ᠠ᠋ 》 ᠭᠡᠬᠦ ᠳ᠋ᠦ᠍ ᠪᠠᠩᠬᠢ ᠶ᠋ᠢᠨ ᠠᠪᠠᠬᠠᠢ ᠨᠠᠳᠠ ᠤᠷᠤᠭᠤ ᠢᠯᠡᠷᠬᠡᠢ ᠳᠣᠷᠣᠮᠵᠢᠯᠠᠯ ᠤ᠋ᠨ ᠬᠠᠷᠠᠴᠠ ᠢᠯᠡᠭᠡᠨ᠎ᠡ᠃ 
       ᠳᠤᠮᠳᠠᠳᠤᠴᠤᠳ ᠪᠤᠳᠤᠯᠢᠶᠠᠨᠲᠠᠢ ᠣᠪᠣᠭ ᠢ᠋ᠶ᠋ᠠᠷ ᠣᠪᠣᠠᠠᠯᠠᠠᠠᠣ ᠡᠷᠬᠡ ᠦᠭᠡᠢ ᠶᠦ᠍ᠮ ᠪᠠᠢᠵᠠᠢ᠃ ᠡᠨᠡ ᠨᠢ ᠠ Q ᠥᠪᠡᠷ ᠦ᠋ᠨ ᠵᠣᠣ ᠣᠪᠣᠭ ᠢ᠋ᠶ᠋ᠠᠨ ᠰᠡᠷᠭᠦᠭᠡᠶ᠎ᠡ ᠭᠡᠵᠦ ᠪᠣᠳᠣᠭᠰᠠᠨ ᠴᠤ᠌ ᠪᠣᠯᠤᠭᠰᠠᠨ ᠦᠭᠡᠢ ᠲᠡᠢ ᠠᠳᠠᠯᠢ ᠶᠤᠮ᠃ 
       《ᠴᠢᠨᠦ ᠦᠵᠡᠬᠦ ᠪᠡᠷ ᠶᠠᠭᠠᠬᠢᠪᠠᠯ ᠲᠠᠭᠠᠷᠠᠨ᠎ᠠ ᠪᠣᠢ?》 ᠭᠡᠵᠦ ᠠᠪᠠᠬᠠᠢ ᠠ᠋ᠴᠠ ᠲᠠᠢᠪᠤᠭᠤᠬᠠᠨ ᠠᠰᠠᠭᠤᠪᠠᠯ᠂ ᠲᠡᠷᠡ᠄ 
       《ᠴᠢ ᠥᠪᠡᠷ ᠦ᠋ᠨ ᠪᠡᠶ᠎ᠡ ᠪᠡᠨ ᠪᠣᠷᠵᠢᠭᠢᠨ ᠭᠡᠵᠦ ᠭᠡᠷᠡᠴᠢᠯᠡᠬᠦ ᠨᠢ ᠨᠢᠭᠡᠨᠲᠡ ᠲᠠᠯᠠᠭᠠᠷ ᠪᠣᠯᠵᠠᠢ᠃ ᠡᠳᠡᠭᠡᠷ ᠭᠡᠷᠡᠴᠢ ᠲᠡᠮᠳᠡᠭ ᠳᠡᠭᠡᠷ᠎ᠡ ᠴᠢᠨᠢ ᠪᠦᠷ ᠯᠡ ᠶᠤᠸᠠᠨ ᠶᠧ ᠭᠡᠵᠦ ᠪᠠᠢᠨ᠎ᠠ᠂ ᠲᠡᠢᠮᠦ ᠡᠴᠡ ᠴᠢ ᠪᠣᠷᠵᠢᠭᠢᠨ ᠢ᠋ ᠳᠠᠭᠠᠭᠤᠯᠵᠤ ᠢᠷᠡᠭᠡᠳ ᠬᠠᠮᠲᠤ ᠪᠠᠷ ᠵᠣᠭᠣᠰ ᠢ᠋ᠶ᠋ᠠᠨ ᠠᠪ 》 ᠭᠡᠪᠡ᠃ 
       ᠵᠢᠷᠭᠤᠭᠠᠨ ᠲᠥᠭᠥᠷᠢᠭ ᠦ᠋ᠨ ᠲᠥᠯᠥᠭᠡ ᠪᠣᠷᠵᠢᠭᠢᠨ ᠤ᠋ ᠡᠷᠢᠯ ᠳ᠋ᠦ᠍ ᠶᠠᠪᠤᠨ᠎ᠠ᠃ 《ᠦᠬᠡᠷ ᠦ᠋ᠨ ᠬᠠᠪᠢᠷᠭ᠎ᠠ ᠶ᠋ᠢᠨ ᠲᠥᠯᠥᠭᠡ ᠫᠠᠷᠢᠰ ᠬᠣᠲᠠ ᠪᠠᠨ ᠬᠤᠳᠠᠯᠳᠤᠪᠠ》 ᠭᠡᠳᠡᠭ ᠳᠠᠭᠤᠤ ᠶ᠋ᠢᠨ ᠦᠭᠡ ᠳᠣᠲᠣᠷ᠎ᠠ ᠣᠷᠣᠵᠤ ᠢᠷᠡᠪᠡ᠃ 《ᠪᠣᠷᠵᠢᠭᠢᠨ ᠠ᠋᠂ ᠲᠠ ᠬᠠᠮᠢᠭ᠎ᠠ ᠪᠠᠢᠨ᠎ᠠ ᠪᠣᠢ ? 》 ᠭᠡᠵᠦ ᠰᠡᠳᠬᠢᠯ ᠦ᠋ᠨ ᠭᠦᠨ ᠳ᠋ᠦ᠍ ᠪᠡᠨ ᠳᠠᠭᠤᠳᠠᠭᠰᠠᠭᠠᠷ ᠲᠠᠢᠰᠠᠨ ᠠ᠋ᠴᠠ ᠤᠷᠮ᠎ᠠ ᠬᠤᠭᠤᠷᠠᠨ ᠰᠠᠯᠵᠤ ᠣᠳᠪᠠ᠃ 
       ᠶᠠᠮᠠᠷ ᠴᠤ᠌ ᠬᠥᠮᠦᠨ ᠳ᠋ᠦ᠍ ᠠᠪᠴᠤ ᠬᠡᠯᠡᠭᠰᠡᠨ ᠴᠦ᠍ ᠵᠢᠷᠭᠤᠭᠠᠨ ᠲᠥᠭᠥᠷᠢᠭ ᠦ᠋ᠨ ᠲᠥᠯᠥᠭᠡ ᠡᠨᠡ ᠬᠦ᠌ ᠲᠠᠷᠴᠢᠯᠠᠯ ᠢ᠋ ᠠᠮᠰᠠᠴᠢᠬᠠᠭᠠᠳ ᠪᠤᠯᠢᠴᠢᠬᠠᠭᠰᠠᠨ ᠨᠢ ᠳᠡᠭᠡᠷ᠎ᠡ ᠶᠦ᠍ᠮ᠃ ᠭᠡᠪᠡᠴᠦ ᠪᠢ ᠺᠢᠨᠣ᠋ ᠦᠵᠡᠵᠦ ᠪᠠᠢᠬᠤ ᠮᠡᠲᠦ ᠪᠡᠷ ᠡᠨᠡ ᠶᠠᠪᠤᠳᠠᠯ ᠤ᠋ᠨ ᠦᠷ᠎ᠡ ᠳ᠋ᠦᠩ ᠢ᠋ ᠨᠢ ᠣᠯᠵᠤ ᠮᠡᠳᠡᠶ᠎ᠡ ᠭᠡᠵᠦ ᠪᠣᠳᠣᠯ᠎ᠠ᠃ ᠪᠢ ᠡᠭᠦᠳᠡᠨ ᠳᠡᠭᠡᠷ᠎ᠡ ᠵᠣᠭᠰᠣᠵᠤ ᠠᠵᠢᠭᠯᠠᠪᠠ᠃ 
       ᠨᠢᠭᠡᠨ ᠥᠭᠡᠳᠡ ᠴᠢᠷᠠᠢ ᠲᠠᠢ ᠬᠥᠮᠦᠨ ᠢ᠋ ᠣᠯᠵᠤ ᠬᠠᠷᠠᠯ᠎ᠠ᠃ ᠲᠡᠭᠦᠨ ᠳ᠋ᠦ᠍ ᠪᠢ ᠥᠪᠡᠷ ᠦ᠋ᠨ ᠤᠴᠠᠷᠠᠯ ᠢ᠋ᠶ᠋ᠠᠨ ᠲᠣᠭᠠᠴᠢᠵᠤ᠂ ᠲᠡᠭᠦᠨ ᠢ᠋ ᠪᠣᠷᠵᠢᠭᠢᠨ ᠪᠣᠯᠵᠤ ᠥᠭᠭᠦᠨ᠎ᠡ ᠤᠤ ᠭᠡᠵᠦ ᠭᠤᠶᠤᠪᠠ᠃ 
       《ᠢᠩᠭᠢᠭᠡᠳ ᠶᠠᠭᠠᠬᠢᠵᠤ ᠪᠣᠯᠠᠠᠣ ᠶᠤᠮ ?》 ᠭᠡᠵᠦ ᠲᠡᠷᠡ ᠨᠢᠳᠦ ᠪᠦᠯᠲᠡᠢᠯᠭᠡᠪᠡ᠃ ᠥᠭᠡᠳᠡ ᠴᠢᠷᠠᠢ ᠲᠠᠢ ᠬᠥᠮᠦᠨ ᠨᠢᠳᠦ ᠪᠡᠨ ᠪᠦᠯᠲᠡᠢᠯᠭᠡᠪᠡᠯ ᠪᠠᠰᠠ ᠴᠤ᠌ ᠡᠨᠡᠷᠢᠩᠭᠦᠢ ᠪᠢᠰᠢ ᠪᠣᠯᠴᠢᠬᠠᠬᠤ ᠶᠤᠮ ᠪᠠᠢᠨ᠎ᠠ᠃ ᠡᠨᠡ ᠮᠡᠲᠦ ᠪᠡᠷ ᠮᠡᠬᠡᠯᠡᠬᠦ ᠠᠵᠢᠯᠯᠠᠭ᠎ᠠ ᠶ᠋ᠢ ᠰᠠᠢᠨ ᠬᠥᠮᠦᠨ ᠢ᠋ᠶ᠋ᠡᠷ ᠬᠢᠯᠭᠡᠵᠦ ᠪᠣᠯᠠᠠᠣ ᠦᠭᠡᠢ ᠭᠡᠳᠡᠭ ᠢ᠋ ᠪᠢ ᠭᠡᠨᠡᠳᠲᠡ ᠤᠬᠠᠭᠠᠷᠠᠵᠤ ᠪᠢᠯᠡ᠃ 
       ᠪᠢ ᠪᠠᠰᠠ ᠨᠢᠭᠡᠨ ᠳᠡᠪᠡᠯ ᠮᠠᠯᠠᠭᠠᠢ ᠲᠡᠭᠰᠢ ᠪᠤᠰᠤ ᠯᠤᠢᠪᠠᠷᠴᠢ ᠭᠡᠮᠡᠷ ᠬᠣᠷᠢᠭᠠᠳ ᠨᠠᠰᠤᠨ ᠤ᠋ ᠬᠥᠮᠦᠨ ᠢ᠋ ᠣᠯᠵᠤ ᠠᠪᠤᠭᠠᠳ ᠤᠴᠢᠷ ᠢ᠋ᠶ᠋ᠠᠨ ᠶᠠᠷᠢᠪᠠ᠃ ᠲᠡᠷᠡ ᠬᠤᠯᠵᠢᠨ ᠴᠢᠷᠠᠢᠯᠠᠵᠤ᠄ 
      《ᠡᠨᠡ ᠴᠢᠨᠢ ᠬᠢᠯᠪᠠᠷ ᠤᠴᠢᠷ᠂ ᠲᠠ ᠬᠡᠳᠦᠢ ᠵᠣᠭᠣᠰ ᠥᠭᠬᠦ ᠪᠣᠢ ?》 ᠬᠡᠳᠦᠢ ᠵᠣᠭᠣᠰ ᠭᠡᠨ᠎ᠡ᠂ ᠡᠨᠡ ᠶᠠᠪᠤᠳᠠᠯ ᠵᠢᠷᠭᠤᠭᠠᠨ ᠲᠥᠭᠥᠷᠢᠭ ᠡᠴᠡ ᠬᠡᠲᠦᠷᠡᠵᠦ ᠪᠣᠯᠠᠠᠣ ᠦᠭᠡᠢ ᠲᠤᠯᠠ ᠪᠢ ᠲᠡᠭᠦᠨ ᠳ᠋ᠦ᠍᠄ 《ᠭᠤᠷᠪᠠᠨ ᠲᠥᠭᠥᠷᠢᠭ》 ᠭᠡᠪᠡ᠃ 
      《ᠭᠤᠷᠪᠠᠨ ᠲᠥᠭᠥᠷᠢᠭ ᠠ᠋ ? 》 ᠲᠡᠷᠡ ᠨᠠᠮ᠎ᠠ ᠶ᠋ᠢ ᠪᠠᠷᠤᠭ ᠵᠠᠯᠭᠢᠴᠢᠬᠠᠮᠠᠷ ᠴᠢᠷᠠᠢᠯᠠᠵᠤ᠄ 
      《ᠲᠡᠷᠡ ᠵᠣᠭᠣᠰ ᠴᠢᠨᠢ ᠨᠡᠢᠲᠡ ᠬᠡᠳᠦᠢ ᠶᠦ᠍ᠮ ? 》 ᠭᠡᠯ᠎ᠡ᠃ 
      《ᠵᠢᠷᠭᠤᠭᠠᠨ ᠲᠥᠭᠥᠷᠢᠭ 》 ᠭᠡᠵᠦ ᠪᠢ ᠵᠣᠭᠣᠰ ᠠᠪᠠᠠᠣ ᠪᠠᠷᠢᠮᠲᠠ ᠪᠠᠨ ᠦᠵᠡᠭᠦᠯᠪᠡ᠃ 
       ᠲᠡᠷᠡ ᠢᠨᠢᠶᠡᠭᠰᠡᠭᠡᠷ ᠨᠠᠮ᠎ᠠ ᠶ᠋ᠢ ᠴᠢᠷᠠᠢᠳᠠᠨ᠎ᠠ᠃ ᠬᠠᠷᠠᠴᠠ ᠨᠢ ᠮᠢᠨᠦ ᠨᠢᠳᠦ ᠬᠠᠮᠠᠷ ᠤ᠋ᠨ ᠵᠠᠢ ᠪᠠᠷ ᠭᠤᠯᠭᠤᠵᠤ ᠥᠩᠭᠡᠷᠡᠨ᠎ᠡ᠃ ᠨᠢᠳᠦ ᠪᠡᠷ ᠪᠤᠰᠤᠳ ᠢ᠋ ᠲᠠᠯᠬᠢᠳᠠᠨ᠎ᠠ ᠭᠡᠳᠡᠭ ᠨᠢ ᠪᠠᠷᠤᠭ ᠡᠢᠮᠦ ᠯᠡ ᠪᠢᠵᠡ᠂ ᠲᠡᠷᠡ ᠦᠮᠣᠳ᠋ᠣᠨ ᠵᠠᠬ᠎ᠠ ᠪᠠᠨ ᠲᠠᠲᠠᠭᠠᠳ 《ᠴᠢ ᠰᠡᠬᠡᠭᠡᠲᠡᠨ ᠪᠢᠵᠡ ?》 ᠭᠡᠵᠦ ᠠᠰᠠᠭᠤᠪᠠ᠃ 《ᠰᠡᠬᠡᠭᠡᠲᠡᠨ》 ᠭᠡᠰᠡᠨ ᠦᠭᠡ ᠶ᠋ᠢ ᠬᠡᠯᠡᠬᠦ ᠳ᠋ᠦ᠍ ᠳᠠᠭᠤᠨ ᠳ᠋ᠤᠨᠢ ᠲᠤᠩ ᠬᠣᠷᠣᠰᠤᠯᠲᠠᠢ ᠬᠣᠱᠣᠩᠨᠠᠯ ᠢᠯᠡᠷᠡᠨ᠎ᠡ᠃ 
       ᠪᠢ᠄《ᠡᠴᠢᠭᠡ ᠴᠢᠨᠢ》 ᠭᠡᠵᠦ ᠲᠡᠭᠦᠨ ᠳ᠋ᠦ᠍ ᠬᠡᠯᠡᠪᠡ᠃ ᠲᠡᠷᠡ ᠭᠠᠷ ᠬᠥᠳᠡᠯᠬᠦ ᠶᠠᠩᠵᠤ ᠲᠠᠢ ᠶ᠋ᠢ ᠨᠢ ᠪᠢ ᠲᠡᠭᠦᠨ ᠦ᠌ ᠮᠥᠷᠥ ᠳᠡᠭᠡᠷ᠎ᠡ ᠡᠴᠡ ᠣᠯᠵᠤ ᠬᠠᠷᠠᠯ᠎ᠠ᠃ 《ᠦ ᠳ᠋ᠠᠩ ᠤ᠋ᠨ ᠨᠢᠳᠤᠷᠭᠠᠨ ᠮᠡᠷᠭᠡᠵᠢᠯ》 ᠳᠡᠭᠡᠷ᠎ᠡ 《ᠨᠢᠳᠤᠷᠭ᠎ᠠ ᠬᠥᠳᠡᠯᠭᠡᠭᠴᠢ ᠶ᠋ᠢᠨ ᠮᠥᠷᠥ ᠢᠨᠦ ᠤᠷᠢᠳᠠᠪᠡᠷ ᠬᠥᠳᠡᠯᠦᠮᠦᠢ》 ᠭᠡᠵᠦ ᠪᠠᠢᠳᠠᠭ᠃ ᠪᠢ ᠲᠡᠭᠦᠨ ᠦ᠌ ᠬᠠᠴᠠᠷ ᠢ᠋ ᠪᠠᠵᠠᠭᠳᠠᠵᠤ ᠠᠪᠠᠠᠣ ᠳ᠋ᠤ᠌ ᠰᠢᠷᠬᠢᠷᠡᠨ ᠡᠪᠡᠳᠴᠦ ᠪᠠᠢᠬᠤ ᠨᠢ ᠳᠠᠮᠵᠢᠭ ᠦᠭᠡᠢ᠃ ᠲᠡᠭᠦᠨ ᠦ᠌ ᠠᠮᠠ ᠶ᠋ᠢ ᠨᠢ ᠬᠠᠪᠴᠢᠨ ᠠᠣᠠᠠᠠᠣᠵᠣ ᠪᠦᠷᠢᠶ᠎ᠡ ᠴᠡᠴᠡᠭ ᠮᠡᠲᠦ ᠪᠣᠯᠭᠠᠪᠠ᠃ ᠣᠩᠭᠣᠢᠨ ᠬᠠᠷᠠᠯᠠᠭᠰᠠᠨ ᠠᠮᠠ ᠪᠠ ᠰᠢᠷᠠᠯᠠᠭᠰᠠᠨ ᠰᠢᠳᠦ ᠨᠢ ᠮᠠᠰᠢ ᠵᠢᠪᠡᠷᠡᠭᠦᠨ ᠦᠵᠡᠭᠳᠡᠨ᠎ᠡ᠃ ᠥᠭᠡᠷ᠎ᠡ ᠬᠥᠮᠦᠨ ᠶᠦ᠍ᠮ ᠪᠣᠯ ᠯᠠᠪ ᠳᠣᠲᠣᠷ᠎ᠠ ᠨᠢ ᠨᠣᠯᠮᠣᠠᠠᠣ ᠶᠤᠮ᠂ ᠪᠢ ᠲᠡᠭᠡᠭᠰᠡᠨ ᠦᠭᠡᠢ ᠪᠣᠯᠪᠠᠰᠤᠨ ᠪᠢᠰᠢ ᠶᠦᠮ ᠴᠢᠨᠢ ᠳᠡ᠃ 
       ᠪᠢ ᠲᠦᠯᠬᠢᠬᠦ ᠳ᠋ᠦ᠍ ᠲᠡᠷᠡ ᠭᠤᠢᠪᠢᠷᠠᠨ ᠴᠢᠨᠠᠭᠰᠢᠯᠠᠪᠠ᠃  ᠡᠨᠡ ᠬᠥᠮᠦᠨ ᠪᠣᠯ ᠨᠡᠢᠭᠡᠮ ᠦ᠋ᠨ ᠳᠣᠣᠷ᠎ᠠ ᠲᠠᠪᠠᠠᠣᠷᠭ᠎ᠠ ᠳ᠋ᠤ᠌ ᠲᠡᠨᠦᠭᠦᠴᠢᠯᠡᠭᠡ ᠬᠥᠮᠦᠨ᠃ ᠡᠢᠮᠦ ᠬᠥᠮᠦᠨ ᠢ᠋ᠶ᠋ᠡᠷ ᠪᠣᠷᠵᠢᠭᠢᠨ ᠪᠣᠯᠭᠠᠵᠤ ᠶᠠᠭᠠᠬᠢᠵᠤ ᠪᠣᠯᠠᠠᠣ ᠪᠣᠢ ? ᠭᠡᠵᠦ ᠪᠢ ᠭᠡᠮᠰᠢᠯ᠎ᠡ᠃ ᠮᠢᠨᠦ ᠪᠣᠷᠵᠢᠭᠢᠨ ᠣᠪᠣᠭᠲᠠᠨ ᠪᠣᠯ ᠲᠠᠢᠵᠢ ᠤᠳᠤᠮ ᠲᠠᠢ᠂ ᠲᠡᠮᠦᠵᠢᠨ ᠪᠣᠯ ᠡᠨᠡ ᠤᠳᠤᠮ ᠤ᠋ᠨ ᠬᠥᠮᠦᠨ ᠪᠥᠭᠡᠳ ᠳᠡᠭᠡᠳᠦ ᠨᠢ ᠶᠦ᠍ᠮ᠃ ᠠᠳᠠᠭ ᠲᠠᠭᠠᠨ ᠨᠢᠭᠡᠨ ᠲᠧᠯᠸᠢᠰ ᠶᠡᠬᠡ ᠰᠤᠷᠭᠠᠭᠤᠯᠢ ᠲᠡᠭᠦᠰᠦᠭᠰᠡᠨ ᠬᠥᠮᠦᠨ ᠪᠠᠢᠬᠤ ᠬᠡᠷᠡᠭᠲᠡᠢ᠂ ᠡᠨᠡ ᠪᠣᠯ ᠰᠢᠨ᠎ᠡ ᠪᠣᠷᠵᠢᠭᠢᠨ ᠳ᠋ᠤ᠌ ᠲᠠᠯᠪᠢᠭᠰᠠᠨ ᠮᠢᠨᠦ ᠱᠠᠭᠠᠷᠳᠠᠯᠭ᠎ᠠ᠃ ᠡᠷᠢᠵᠦ ᠣᠯᠠᠠᠣ ᠳ᠋ᠤ᠌ ᠪᠡᠷᠬᠡ ᠪᠠᠢᠯ᠎ᠠ᠃ ᠠᠷᠭ᠎ᠠ ᠦᠭᠡᠢᠳᠡᠵᠦ᠂ ᠣᠢᠷᠠᠯᠴᠠᠭ᠎ᠠ ᠰᠠᠭᠤᠳᠠᠭ ᠨᠢᠭᠡᠨ ᠪᠠᠢᠭᠤᠯᠭ᠎ᠠ ᠶ᠋ᠢᠨ ᠰᠠᠯᠠᠭᠠᠨ ᠳᠠᠷᠤᠭ᠎ᠠ ᠯᠢᠦ ᠬᠣᠩ ᠼᠤᠤ ᠳ᠋ᠤ᠌ ᠤᠲᠠᠰᠤᠳᠠᠵᠤ ᠬᠠᠪᠰᠣᠷᠣᠭᠣᠯᠠᠠᠣ ᠪᠠᠷ ᠭᠤᠶᠤᠯ᠎ᠠ᠃ ᠤᠴᠢᠷ ᠲᠤᠬᠠᠢ ᠪᠠᠨ ᠬᠡᠯᠡᠬᠦ ᠳ᠋ᠦ᠍ ᠲᠡᠷᠡ ᠲᠣᠯᠣᠭᠠᠢ ᠰᠠᠵᠢᠵᠤ ᠪᠠᠢᠭ᠎ᠠ ᠪᠣᠯᠤᠯᠲᠠᠢ᠄ 
       《ᠵᠢᠷᠭᠤᠭᠠᠨ ᠲᠥᠭᠥᠷᠢᠭ ᠵᠣᠭᠣᠰ᠃ ᠬᠠᠢ᠂ ᠪᠢ ᠴᠢᠮ᠎ᠠ ᠳ᠋ᠤ᠌ ᠠᠷᠪᠠᠨ ᠲᠥᠭᠥᠷᠢᠭ ᠥᠭᠭᠦᠶ᠎ᠡ᠂ ᠬᠠᠷᠢᠴᠢᠬ᠎ᠠ !》 ᠭᠡᠨ᠎ᠡ᠃ 
       ᠡᠨᠡ ᠤᠴᠢᠷ ᠡᠢᠮᠦ ᠲᠡᠢᠮᠦ ᠭᠡᠵᠦ ᠪᠠᠬᠠᠨ ᠶᠠᠷᠢᠭᠰᠠᠨ ᠤ᠋ ᠰᠡᠭᠦᠯᠡᠷ ᠲᠡᠷᠡ ᠲᠠᠲᠠᠭᠠᠯᠵᠠᠨ ᠪᠠᠢᠵᠤ ᠮᠢᠨᠦᠬᠢ ᠪᠡᠷ ᠪᠣᠯᠪᠠ᠃ 
       ᠮᠠᠨ ᠢ᠋ ᠳᠤᠮᠳᠠᠳᠤ ᠤᠯᠤᠰ ᠤ᠋ᠨ ᠪᠠᠩᠬᠢ ᠶ᠋ᠢᠨ ᠰᠠᠯᠪᠤᠷᠢ ᠳ᠋ᠤ᠌ ᠬᠦᠷᠴᠦ ᠢᠷᠡᠬᠦ ᠳ᠋ᠦ᠍ ᠬᠥᠮᠦᠨ ᠴᠥᠭᠡᠷᠡᠭᠰᠡᠨ ᠪᠠᠢᠯ᠎ᠠ᠃ ᠪᠢᠳᠡ ᠵᠣᠭᠣᠰ ᠥᠭᠳᠡᠭ ᠲᠠᠢᠰᠠᠨ᠎ᠠ ᠬᠦᠷᠴᠦ᠄ 
       《ᠡᠨᠡ ᠬᠥᠮᠦᠨ ᠪᠣᠯ ᠪᠣᠷᠵᠢᠭᠢᠨ》 ᠭᠡᠵᠦ ᠬᠣᠪᠣᠷ ᠡᠷᠳᠡᠨᠢ ᠪᠣᠷᠣᠯᠠᠭᠤᠯᠵᠤ ᠪᠠᠢᠭ᠎ᠠ ᠶᠤᠮ ᠰᠢᠭ᠋ ᠠᠪᠠᠬᠠᠢ ᠳ᠋ᠤ᠌ ᠣᠮᠣᠭᠰᠢᠭᠣᠨ ᠲᠠᠨᠢᠯᠴᠠᠭᠤᠯᠪᠠ᠃ 
       《ᠲᠡᠢᠮᠦ᠂ ᠲᠡᠢᠮᠦ》 ᠭᠡᠵᠦ ᠯᠢᠦ ᠬᠣᠩ ᠼᠤᠤ ᠲᠣᠯᠣᠭᠠᠢ ᠲᠣᠬᠢᠨ᠎ᠠ᠃ 
       《ᠠᠵᠢᠯ ᠤ᠋ᠨ ᠦᠨᠡᠮᠯᠡᠯ》 ᠭᠡᠵᠦ ᠠᠪᠠᠬᠠᠢ ᠦᠭᠡ ᠰᠢᠳᠡᠨ᠎ᠡ᠃ ᠯᠢᠦ ᠬᠣᠩ ᠼᠤᠤ ᠦᠨᠡᠮᠯᠡᠯ ᠢ᠋ᠶ᠋ᠡᠨ ᠡᠷᠢᠵᠦ ᠪᠠᠢᠭ᠎ᠠ ᠰᠢᠭ᠋ ᠪᠣᠯᠤᠭᠰᠠᠨ ᠢ᠋ᠶ᠋ᠠᠨ᠄
       《ᠠᠢ᠂ ᠮᠠᠷᠲᠠᠴᠢᠬᠠᠵᠠᠢ》 ᠭᠡᠪᠡ᠃ 
       《ᠬᠠᠷᠢᠵᠤ ᠠᠪᠴᠤ ᠢᠷ᠎ᠡ》 ᠭᠡᠳ ᠠᠪᠠᠬᠠᠢ ᠲᠣᠯᠣᠭᠠᠢ ᠪᠠᠨ ᠴᠤ᠌ ᠡᠷᠭᠦᠭᠰᠡᠨ ᠦᠭᠡᠢ᠃ 
       《ᠵᠢᠷᠭᠤᠭᠠᠨ ᠵᠣᠭᠣᠰ ᠶᠤᠮ ᠴᠢᠨᠢ ᠵᠢᠭᠠᠬᠠᠨ ᠨᠢᠭᠤᠷ ᠬᠠᠶᠠᠴᠢᠬ᠎ᠠ ᠳᠠ 》 ᠭᠡᠵᠦ ᠪᠢ ᠭᠤᠶᠤᠯ᠎ᠠ᠃ 
       《ᠨᠡᠷ᠎ᠡ ᠶ᠋ᠢᠨ ᠲᠠᠮᠠᠭ᠎ᠠ ᠴᠤ᠌ ᠶᠠᠭᠠᠬᠢᠠᠠᠣ ᠪᠣᠢ》 ᠭᠡᠵᠦ ᠠᠪᠠᠬᠠᠢ ᠶᠠᠪᠤᠭᠤᠷᠢ ᠲᠠᠢ ᠰᠢᠭ᠋ ᠬᠡᠯᠡᠨ᠎ᠡ᠃ 
       《ᠬᠤᠷᠳᠤᠨ᠂ ᠲᠠᠮᠠᠭ᠎ᠠ ᠪᠠᠨ》 ᠭᠡᠵᠦ ᠪᠢ ᠯᠢᠦ ᠬᠣᠩ ᠼᠤᠤ ᠳ᠋ᠤ᠌ ᠲᠣᠬᠢᠠᠠᠣ ᠳ᠋ᠤ᠌ ᠲᠡᠷᠡ ᠮᠥᠨ ᠯᠡ ᠳᠡᠭᠡᠭᠦᠷ ᠳᠣᠣᠭᠤᠷ ᠡᠷᠢᠭᠰᠡᠨ ᠪᠠᠢᠳᠠᠯ ᠭᠠᠷᠭᠠᠭᠠᠳ᠄
       《ᠠᠪᠠᠬᠠᠢ᠂ ᠲᠠ ᠦᠵᠡ ᠯᠡ ᠳᠡ᠂ ᠲᠠᠮᠠᠭ᠎ᠠ ᠪᠠᠨ ᠪᠠᠰᠠ ᠠᠪᠴᠢᠷᠠᠭᠰᠠᠨ ᠦᠭᠡᠢ ᠁ 》 ᠭᠡᠬᠦ ᠳ᠋ᠦ᠍ ᠠᠪᠠᠬᠠᠢ ᠵᠥᠪᠰᠢᠶᠡᠷᠡᠬᠦ ᠶᠠᠩᠵᠤ ᠠᠯᠠᠭ᠎ᠠ᠃
       《ᠪᠢ ᠲᠠᠮᠠᠭ᠎ᠠ ᠶ᠋ᠢ ᠨᠢ ᠠᠪᠤᠭᠠᠳ ᠢᠷᠡᠪᠡᠯ ᠮᠠᠨ ᠤ᠋ ᠬᠥᠮᠦᠨ ᠢᠷᠡᠬᠦ ᠦᠭᠡᠢ ᠳ᠋ᠦ᠍ ᠪᠣᠯᠤᠨ᠎ᠠ ᠤᠤ? 》 
       《ᠳᠤᠷ᠎ᠠ ᠪᠠᠷ ᠢ᠋ᠶ᠋ᠠᠨ ᠪᠣᠯ᠃ 》 ᠡᠭᠦᠳᠡ ᠭᠠᠷᠴᠤ᠂ ᠯᠢᠦ ᠬᠣᠩ ᠼᠤᠤ ᠲᠠᠢ ᠭᠠᠷ ᠠᠣᠠᠠᠠᠣᠨ ᠰᠠᠯᠣᠯᠴᠠᠠᠠᠣ ᠳ᠋ᠤ᠌ ᠪᠠᠨ ᠲᠡᠭᠦᠨ ᠦ᠌ ᠦᠵᠡᠭᠦᠯᠦᠭᠰᠡᠨ ᠶᠡᠬᠡ ᠳᠡᠮᠵᠢᠯᠭᠡ ᠳ᠋ᠦ᠍ ᠲᠠᠯᠠᠷᠠᠠᠠᠭᠠᠣᠨ ᠲᠠᠮᠠᠭ᠎ᠠ ᠰᠡᠢᠯᠳᠡᠭ ᠨᠢᠭᠡᠨ ᠡᠪᠦᠭᠡᠨ ᠢ᠋ ᠣᠯᠪᠠ᠃ 
       《ᠪᠣᠷᠵᠢᠭᠢᠨ ᠭᠡᠳᠡᠭ ᠴᠢᠨᠢ ᠶᠠᠮᠠᠷ ᠡᠳ᠋ ᠪᠣᠢ?》 ᠭᠡᠵᠦ ᠲᠠᠮᠠᠭ᠎ᠠ ᠰᠡᠢᠯᠳᠡᠭ ᠡᠪᠦᠭᠡᠨ ᠮᠡᠬᠡᠢᠷᠡᠨ᠎ᠡ᠃ 
       《ᠶᠠᠭᠤᠨ ᠤ᠋ ᠴᠢᠨᠢ ᠶᠠᠮᠠᠷ ᠡᠳ᠋ ᠭᠡᠨ᠎ᠡ ! ᠡᠨᠡ ᠴᠢᠨᠢ ᠣᠪᠣᠭ》 ᠭᠡᠵᠦ ᠬᠡᠭᠵᠡᠭᠦᠨ ᠬᠠᠷᠢᠭᠤᠯᠪᠠ᠃ 
       《ᠣᠪᠣᠭ?》 ᠡᠪᠦᠭᠡᠨ ᠨᠡᠩ ᠭᠠᠢᠬᠠᠰᠢ ᠠᠯᠳᠠᠵᠤ᠄ 
       《ᠪᠢ ᠨᠢᠭᠡ ᠨᠠᠰᠤ ᠪᠠᠷ ᠢ᠋ᠶ᠋ᠠᠨ ᠲᠠᠮᠠᠭ᠎ᠠ ᠰᠡᠢᠯᠦᠭᠰᠡᠨ ᠁ 》 ᠪᠠᠰᠠ ᠯᠠ ᠲᠦᠪᠡᠭ ᠪᠣᠯᠤᠯ᠎ᠠ ᠁ 
       《ᠰᠡᠢᠯᠴᠢᠬᠡ᠂ ᠰᠡᠢᠯᠴᠢᠬᠡ》 ᠭᠡᠵᠦ ᠠᠷᠭᠠᠳ᠋ᠠᠠᠠᠣ ᠳ᠋ᠤ᠌ ᠬᠦᠷᠦᠯ᠎ᠡ᠃ 
       ᠦᠬᠡᠷ ᠦ᠋ᠨ ᠡᠪᠡᠷ ᠦ᠋ᠨ ᠲᠠᠮᠠᠭ᠎ᠠ ᠰᠡᠢᠯᠦᠭᠡᠳ ᠪᠠᠷᠠᠪᠠ᠂ ᠠᠷᠪᠠᠨ ᠲᠥᠭᠥᠷᠢᠭ ᠠ᠋᠃ 
       《ᠨᠠᠢ᠍ᠮᠠᠨ ᠲᠥᠭᠥᠷᠢᠭ᠃ 》 
       《ᠵᠢᠷᠭᠤᠭᠠᠨ ᠲᠥᠭᠥᠷᠢᠭ᠃ 》 
       《ᠳᠣᠯᠣᠭᠠᠨ ᠲᠥᠭᠥᠷᠢᠭ᠂ ᠨᠢᠭᠡ ᠮᠥᠩᠭᠥ ᠴᠦ᠍ ᠪᠠᠭᠣᠷᠠᠭᠣᠯᠠᠠᠣ ᠦᠭᠡᠢ᠃ 》 
       《ᠳᠣᠯᠣᠭᠠᠨ ᠲᠥᠭᠥᠷᠢᠭ ᠪᠣᠯ ᠪᠢ ᠠᠯᠳᠠᠴᠢᠬᠠᠨ᠎ᠠ᠃ 》 
       《ᠠᠯᠳᠠᠴᠢᠬᠠᠨ᠎ᠠ ? 》 ᠡᠪᠦᠭᠡᠨ ᠭᠠᠯ ᠰᠢᠯ ᠦ᠋ᠨ ᠳᠡᠭᠡᠭᠦᠷ ᠨᠠᠮ᠎ᠠ ᠶ᠋ᠢ ᠬᠠᠷᠠᠵᠤ᠄ 
       《ᠶᠠᠭᠤ ᠠᠯᠳᠠᠴᠢᠬᠠᠬᠤ ᠶᠤᠮ ? 》 ᠭᠡᠯ᠎ᠡ᠃ 
       ᠮᠢᠨᠦ ᠤᠴᠢᠷ ᠢ᠋ ᠣᠢᠯᠭᠠᠬᠤ ᠬᠥᠮᠦᠨ ᠠᠯᠠᠭ᠎ᠠ᠃ ᠪᠢ ᠲᠠᠮᠠᠭ᠎ᠠ ᠪᠠᠷ ᠢ᠋ᠶ᠋ᠠᠨ᠂ ᠶᠣᠰᠣᠨ ᠳ᠋ᠤ᠌ ᠪᠠᠨ ᠰᠢᠤᠳᠠᠨ ᠢ᠋ᠶ᠋ᠠᠷ ᠭᠤᠪᠢᠭᠤᠯᠵᠤ ᠢᠷᠡᠳᠡᠭ ᠬᠠᠷᠠᠮᠵᠢ ᠪᠠᠨ ᠣᠯᠵᠤ ᠠᠪᠤᠯ᠎ᠠ᠃ ᠦᠷ᠎ᠡ ᠳ᠋ᠦᠩ ᠢ᠋ ᠨᠢ ᠣᠯᠵᠤ ᠬᠠᠷᠠᠯ᠎ᠠ᠃ ᠴᠢᠬᠤᠯᠠ ᠨᠢ ᠭᠡᠪᠡᠯ᠂ 《ᠪᠣᠷᠵᠢᠭᠢᠨ》 ᠭᠡᠰᠡᠨ ᠲᠠᠮᠠᠭ᠎ᠠ ᠪᠠᠨ ᠭᠠᠷ ᠲᠤ᠌ ᠪᠠᠨ ᠠᠣᠠᠠᠠᠣᠠᠠᠰᠠᠨ ᠴᠠᠭ ᠲᠤ᠌ ᠵᠦᠭ ᠵᠦᠭ ᠡᠴᠡ ᠢᠷᠡᠬᠦ ᠲᠤᠯᠭᠠᠨ ᠠᠰᠠᠭᠤᠯᠲᠠ ᠠ᠋ᠴᠠ ᠠᠶᠣᠠᠠᠣ ᠦᠭᠡᠢ ᠪᠣᠯᠵᠤ ᠳᠥᠷᠪᠡᠨ ᠵᠦᠭ ᠢ᠋ ᠵᠣᠷᠢᠭᠲᠠᠢ ᠬᠠᠷᠠᠵᠤ ᠴᠢᠳᠠᠬᠤ ᠪᠣᠯᠤᠨ᠎ᠠ᠃ 

— — — —
ᠢᠷᠡᠯᠲᠡ᠄  
    2009-3-11 ᠳᠤᠮᠳᠠᠳᠤ ᠤᠯᠤᠰ ᠤ᠋ᠨ ᠮᠣᠩᠭᠣᠯ ᠬᠡᠯᠡᠨ ᠦ᠌ ᠰᠣᠨᠢᠨ ᠮᠡᠳᠡᠭᠡ ᠶ᠋ᠢᠨ ᠰᠦᠯᠵᠢᠶ᠎ᠡ ᠨᠠᠢᠷᠠᠭᠤᠯᠤᠭᠴᠢ ᠄ ᠶᠦᠩ ᠰᠢᠶᠠᠩ 


     ᠦᠰᠦᠭ ᠠᠮᠢᠯᠠᠭᠤᠯᠤᠭᠰᠠᠨ ᠨᠢ ᠄ ᠭᠠᠸᠠ 
      ᠦᠰᠦᠭ ᠬᠢᠨᠠᠭᠴᠢ ᠄ ᠮᠥᠴᠢᠷ ᠂ ᠲᠤᠭᠴᠢ ᠰᠠᠷᠠᠨ᠎ᠠ