ᠨᠠᠷᠠᠨᠴᠢᠮᠡᠭ ᠦ᠋ᠨ ᠳᠠᠭᠤᠤ -ᠨᠠᠷᠠᠨᠴᠢᠮᠡᠭНаранчимэгийн дуу-Наранчимэг
ᠨᠠᠷᠠᠨᠴᠢᠮᠡᠭ ᠦ᠋ᠨ ᠳᠠᠭᠤᠤ
ᠤᠷᠠᠳ ᠠᠷᠠᠳ ᠤ᠋ᠨ ᠳᠠᠭᠤᠤ
ᠨᠠᠰᠤᠨᠴᠢᠮᠡᠭ ᠳᠠᠭᠤᠯᠠᠨ᠎ᠠ
ᠡᠭᠦᠯᠡ ᠮᠠᠨᠠᠨ ᠲᠠᠲᠠᠨ᠎ᠠ ᠭᠡᠭᠴᠢ
ᠥᠨᠳᠥᠷ ᠬᠥᠬᠡ ᠶ᠋ᠢᠨ ᠨᠤᠲᠤᠭ ᠰᠢᠦ
ᠦᠷᠭᠦᠯᠵᠢᠳᠡ ᠪᠡᠨ ᠬᠠᠷᠭᠤᠨ᠎ᠠ ᠭᠡᠭᠴᠢ
ᠠᠭᠯᠠᠭ ᠰᠠᠢᠬᠠᠨ ᠬᠠᠷᠭᠤᠨ᠎ᠠ ᠰᠢᠦ
ᠰᠢᠷ᠎ᠠ ᠲᠣᠯᠣᠭᠠᠢ ᠶ᠋ᠢᠨ ᠪᠠᠷᠠᠭᠤᠬᠠᠨ ᠰᠤᠭᠤ ᠪᠠᠷ
ᠪᠠᠲᠤ ᠴᠠᠭᠠᠨ ᠥᠷᠭᠥᠭᠡ ᠯᠡ ᠪᠠᠢᠨ᠎ᠠ
ᠪᠠᠬ᠎ᠠ ᠶᠤ᠌ ᠰᠡᠳᠬᠢᠯ ᠢ᠋ᠶ᠋ᠡᠷ ᠪᠠᠶᠠᠰᠤᠭᠤᠯᠤᠨ ᠵᠢᠷᠭᠠᠭᠠᠳᠠᠭ
ᠠᠪᠤ ᠡᠵᠢ ᠯᠡ ᠬᠣᠶᠠᠷ ᠰᠢᠦ
ᠬᠡᠭᠡᠷ ᠮᠣᠷᠢ ᠬᠡᠪᠢᠰ ᠶᠤ᠌ ᠭᠥᠯᠢᠮ
ᠬᠡᠢᠰᠬᠡᠭᠦᠯᠵᠦ ᠯᠡ ᠪᠠᠢᠨ᠎ᠠ ᠯᠠᠢ ᠳ᠋ᠣᠣ
ᠬᠡᠭᠵᠢᠭᠦᠨ ᠶᠣ᠌ ᠲᠥᠷᠥᠭᠰᠡᠨ ᠨᠠᠷᠠᠨᠴᠢᠮᠡᠭ
ᠬᠡᠯᠡᠭᠰᠡᠨ ᠦᠭᠡ ᠨᠢ ᠵᠠᠩ ᠢ᠋ᠶ᠋ᠠᠷ ᠢ᠋ᠶ᠋ᠠᠨ
ᠴᠠᠭᠠᠨ ᠰᠠᠭᠠᠷᠠᠯ ᠮᠣᠷᠢ ᠪᠠᠢᠨ᠎ᠠ
ᠰᠠᠩᠨᠠᠢ ᠬᠤᠳᠠᠷᠭᠠᠨ ᠳ᠋ᠤ᠌ ᠪᠠᠨ ᠵᠣᠬᠢᠨ᠎ᠠ ᠳᠠ
ᠰᠠᠷᠠᠭᠤᠯᠬᠠᠨ ᠲᠥᠷᠥᠭᠰᠡᠨ ᠰᠠᠮᠪᠠᠳᠠᠨᠵᠢᠨ
ᠰᠠᠨᠠᠭ᠎ᠠ ᠪᠠᠷ ᠢ᠋ᠶ᠋ᠠᠨ ᠢᠷᠡᠳᠡᠭ ᠶᠦᠮ ᠤᠤ?
ᠦᠰᠦᠭ ᠠᠮᠢᠯᠠᠭᠤᠯᠤᠭᠴᠢ᠄ ᠨᠠᠰᠤᠨᠴᠢᠮᠡᠭ
ᠦᠰᠦᠭ ᠬᠠᠲᠠᠭᠴᠢ᠄ ᠨᠠᠰᠤᠨᠴᠢᠮᠡᠭ
ᠬᠢᠨᠠᠭᠴᠢ᠄ ᠣᠳᠬᠠᠨᠰᠣ᠎ᠠ
※ ᠪᠦᠲᠦᠭᠡᠭᠴᠢ ᠪᠠᠭᠰᠢ ᠶ᠋ᠢᠨ ᠲᠠᠢᠯᠪᠤᠷᠢ᠄
① ᠥᠨᠳᠥᠷ ᠬᠥᠬᠡ᠂ ᠬᠠᠷᠭᠤᠨ᠎ᠠ᠂ ᠰᠢᠷ᠎ᠠ ᠲᠣᠯᠣᠭᠠᠢ᠂ ᠴᠠᠭᠠᠨ ᠰᠠᠢᠷ᠂ ᠨᠠᠷᠠᠨ ᠬᠠᠢᠷᠬᠠᠨ ᠵᠡᠷᠭᠡ ᠪᠣᠯ ᠤᠷᠠᠳ ᠤ᠋ᠨ ᠬᠣᠢᠲᠤ ᠬᠤᠰᠢᠭᠤᠨ ᠳ᠋ᠤ᠌ ᠪᠠᠢᠳᠠᠭ ᠭᠠᠵᠠᠷ ᠤ᠋ᠨ ᠨᠡᠷ᠎ᠡ ᠪᠣᠯᠤᠨ᠎ᠠ᠃