ᠠᠷᠪᠠᠨ ᠨᠠᠢ᠍ᠮᠠᠨ ᠲᠠᠮᠤ ᠳ᠋ᠤ᠌ ᠤᠨᠠᠭᠰᠠᠨ ᠬᠥᠮᠦᠰ(ᠭᠢᠯᠪᠠᠭᠠᠨ ᠥᠭᠦᠯᠡᠯᠭᠡ) – ᠰᠡᠴᠡᠨᠪᠢᠯᠢᠭ Арван найман тамд унасан хүмүүс(Гялбаан өгүүллэг) – Цэцэнбилэг ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠪᠠᠨ ᠨᠠᠢ᠍ᠮᠠᠨ ᠲᠠᠮᠤ ᠳ᠋ᠤ᠌ ᠤᠨᠠᠭᠰᠠᠨ ᠬᠥᠮᠦᠰ(ᠭᠢᠯᠪᠠᠭᠠᠨ ᠥᠭᠦᠯᠡᠯᠭᠡ) – ᠰᠡᠴᠡᠨᠪᠢᠯᠢᠭ Арван найман тамд унасан хүмүүс(Гялбаан өгүүллэг) – Цэцэнбилэг

ᠠᠷᠪᠠᠨ ᠨᠠᠢ᠍ᠮᠠᠨ ᠲᠠᠮᠤ ᠳ᠋ᠤ᠌ ᠤᠨᠠᠭᠰᠠᠨ ᠬᠥᠮᠦᠰ(ᠭᠢᠯᠪᠠᠭᠠᠨ ᠥᠭᠦᠯᠡᠯᠭᠡ) – ᠰᠡᠴᠡᠨᠪᠢᠯᠢᠭ Арван найман тамд унасан хүмүүс(Гялбаан өгүүллэг) – Цэцэнбилэг

2024-11-18

1708

ᠠᠷᠪᠠᠨ ᠨᠠᠢ᠍ᠮᠠᠨ ᠲᠠᠮᠤ ᠳ᠋ᠤ᠌ ᠤᠨᠠᠭᠰᠠᠨ ᠬᠥᠮᠦᠰ


                            — ᠭᠢᠯᠪᠠᠭᠠᠨ ᠥᠭᠦᠯᠡᠯᠭᠡ 

       A ᠭᠤᠸᠠᠢ ᠶ᠋ᠢ ᠭᠡᠨᠡᠳᠲᠡ ᠳᠥᠷᠪᠡᠨ ᠮᠠᠷᠠᠯ ᠡᠷ᠎ᠡ ᠢᠰᠬᠦᠯᠵᠦ ᠨᠢᠳᠤᠷᠭᠠᠳᠠᠨ ᠵᠢᠵᠢᠭᠬᠡᠨ ᠬᠠᠷᠠᠩᠭᠤᠢ ᠨᠦᠬᠡ ᠤᠷᠤᠭᠤ ᠠᠷᠠᠰᠤ ᠮᠢᠬ᠎ᠠ ᠶ᠋ᠢ ᠨᠢ ᠤᠷᠠᠵᠤ ᠰᠢᠯᠪᠤᠭᠤᠯᠤᠨ ᠠᠪᠴᠤ ᠣᠷᠣᠪᠠ᠃ ᠬᠠᠷᠠᠩᠭᠤᠢ ᠨᠦᠬᠡᠨ ᠳᠤᠮᠳᠠᠭᠤᠷ ᠪᠠᠬᠠᠨ ᠶᠠᠪᠤᠭᠰᠠᠨ ᠢ᠋ᠶ᠋ᠠᠨ ᠨᠢᠳᠦ ᠬᠠᠯᠲᠤᠷᠢᠮ᠎ᠠ ᠭᠡᠷᠡᠯ ᠭᠢᠯᠪᠠᠭᠰᠠᠨ ᠭᠠᠵᠠᠷ ᠬᠦᠷᠴᠢᠬᠡᠪᠡ᠃ ᠨᠠᠷᠢᠨ ᠠᠵᠢᠭᠯᠠᠪᠠᠯ 《ᠡᠷᠯᠢᠭ ᠨᠣᠮᠣᠨ ᠬᠠᠭᠠᠨ ᠤ᠋ ᠣᠷᠳᠣᠨ》 ᠭᠡᠰᠡᠨ ᠠᠯᠲᠠᠨ ᠫᠠᠢᠰᠠ ᠪᠠᠢᠯ᠎ᠠ᠃ 
       ᠥᠨᠥ ᠳᠥᠷᠪᠡᠨ ᠡᠷ᠎ᠡ ᠡᠭᠦᠳᠡᠨ ᠬᠠᠷᠠᠭᠤᠯ ᠳ᠋ᠤ᠌ A ᠭᠤᠸᠠᠢ ᠶ᠋ᠢ ᠲᠤᠰᠢᠶᠠᠵᠤ ᠥᠭᠭᠦᠭᠡᠳ ᠪᠤᠴᠠᠪᠠ᠃ 
       ᠡᠭᠦᠳᠡᠨ ᠬᠠᠷᠠᠭᠤᠯ ᠤ᠋ᠨ ᠨᠢᠭᠡ ᠨᠢ ᠳᠣᠲᠣᠭᠰᠢ ᠣᠷᠣᠨ ᠨᠡᠯᠢᠶᠡᠳ ᠤᠳᠠᠭᠰᠠᠨ ᠢ᠋ᠶ᠋ᠠᠨ ᠪᠤᠴᠠᠨ ᠢᠷᠡᠵᠦ A ᠵᠢ ᠲᠦᠯᠬᠢᠵᠦ ᠠᠪᠠᠴᠢᠨ ᠡᠷᠯᠢᠭ ᠨᠣᠮ ᠬᠠᠭᠠᠨ ᠤ᠋ ᠡᠮᠦᠨ᠎ᠡ ᠰᠥᠭᠥᠳᠬᠡᠵᠦ ᠰᠢᠭᠦᠯᠲᠡ ᠡᠬᠢᠯᠡᠪᠡ᠃ 
       — ᠨᠡᠷ᠎ᠡ ᠴᠢᠨᠢ? 
       — A 
       — ᠦᠨᠳᠦᠰᠦᠲᠡᠨ? 
       — ᠮᠣᠩᠭᠣᠯ᠃ 
       — ᠨᠡᠷᠡᠲᠦ ᠳ᠋ᠦ᠍ ᠠᠮᠢᠳᠤᠷᠠᠭᠰᠠᠨ ᠨᠠᠰᠤ ᠴᠢᠨᠢ? 
       — ᠳᠥᠴᠢ 
       — ᠨᠡᠷᠡᠲᠦ ᠳ᠋ᠦ᠍ ᠠᠮᠢᠳᠤᠷᠠᠵᠤ ᠪᠠᠢᠬᠤ ᠳ᠋ᠤ᠌ ᠪᠠᠨ ᠶᠠᠮᠠᠷ《ᠨᠢᠭᠦᠯ》 ᠦᠢᠯᠡᠳᠪᠡ? 
       — ᠮᠢᠨᠦ ᠦᠵᠡᠬᠦ ᠪᠡᠷ ᠪᠢ 《ᠨᠢᠭᠦᠯ》 ᠦᠢᠯᠡᠳᠦᠭᠰᠡᠨ ᠦᠭᠡᠢ᠂ ᠨᠢᠭᠡ ᠴᠦ᠍ ᠠᠮᠢ ᠬᠣᠷᠣᠭᠠᠭᠰᠠᠨ ᠦᠭᠡᠢ ᠶᠦᠮ ᠴᠢᠨᠢ᠃ 
       — ᠳᠡᠰ (ᠨᠣᠮᠣᠨ ᠬᠠᠭᠠᠨ ᠰᠢᠷᠡᠭᠡ ᠪᠡᠨ ᠬᠦᠴᠦᠲᠡᠢ ᠳᠡᠯᠡᠳᠦᠨ᠎ᠡ)! ᠪᠤᠯᠢᠬᠠᠢᠯᠠᠨ᠎ᠠ ᠭᠡᠨ᠎ᠡ? ᠠᠮᠢ ᠬᠣᠷᠣᠭᠠᠭᠰᠠᠨ ᠠ᠋ᠴᠠ ᠢᠯᠡᠭᠦᠦ ᠨᠢᠭᠦᠯ ᠢ᠋ ᠴᠢ ᠦᠢᠯᠡᠳᠴᠡᠢ! ᠲᠦᠷᠭᠡᠨ ᠲᠤᠰᠢᠶᠠ! 
       ᠎— ᠡᠨᠡ? 
       — ᠠᠪᠤ ᠴᠢᠨᠢ ᠴᠢᠮ᠎ᠠ ᠳ᠋ᠤ᠌ ᠶᠠᠮᠠᠷ ᠥᠪ ᠦᠯᠡᠳᠡᠭᠡᠪᠡ? 
       — ᠶᠠᠮᠠᠷ ᠴᠤ᠌ ᠮᠥᠩᠭᠥ ᠪᠣᠯᠴᠢᠬᠠᠮᠠᠷ ᠥᠪ ᠦᠯᠡᠳᠡᠭᠡᠭᠰᠡᠨ ᠦᠭᠡᠢ᠃ 
       — ᠳᠡᠰ( ᠨᠣᠮᠣᠨ ᠬᠠᠭᠠᠨ ᠰᠢᠷᠡᠭᠡ ᠪᠡᠨ ᠪᠠᠰᠠ ᠨᠢᠭᠡ ᠳᠡᠯᠡᠳᠦᠨ᠎ᠡ)!ᠴᠢ ᠪᠠᠰᠠ ᠪᠤᠯᠢᠬᠠᠢᠯᠠᠨ᠎ᠠ ᠭᠡᠨ᠎ᠡ? ᠮᠥᠩᠭᠥ ᠪᠣᠯᠴᠢᠬᠠᠮᠠᠷ ᠠᠯᠲᠠ ᠮᠥᠩᠭᠥ ᠲᠣᠷᠭ᠎ᠠ ᠳᠤᠷᠳᠤᠩ ᠪᠠᠢᠭᠰᠠᠨ ᠦᠭᠡᠢ ᠴᠤ᠌ ᠨᠠᠰᠤ ᠪᠠᠷ ᠢ᠋ᠶ᠋ᠠᠨ ᠴᠤᠭᠯᠠᠭᠤᠯᠵᠤ ᠪᠢᠴᠢᠭᠰᠡᠨ ᠨᠣᠮ ᠬᠡᠳᠦᠨ ᠭᠡᠷ ᠪᠠᠢᠭᠰᠠᠨ ᠪᠤᠰᠤ ᠤᠤ? 
       — ᠨᠣᠮ ᠤᠤ! ᠲᠡᠷᠡ ᠴᠦ᠍ ᠪᠠᠢᠭᠰᠠᠨ᠂ ᠭᠡᠪᠡᠴᠦ ᠲᠡᠷᠡ ᠨᠢ ᠨᠠᠳᠠ ᠳ᠋ᠤ᠌ ᠬᠡᠷᠡᠭ ᠦᠭᠡᠢ ᠵᠦᠢᠯ ᠪᠠᠢᠭᠰᠠᠨ᠃ 
       — ᠶᠠᠭᠠᠬᠢᠭᠠᠳ ᠬᠡᠷᠡᠭ ᠦᠭᠡᠢ ᠪᠣᠢ? 
       — ᠪᠢ ᠥᠭᠡᠯᠡᠢ ᠪᠣᠯᠬᠤ ᠳ᠋ᠤ᠌ ᠪᠠᠨ ᠥᠭᠡᠷ᠎ᠡ ᠬᠡᠯᠡ ᠰᠤᠷᠤᠭᠰᠠᠨ ᠤᠴᠢᠷ ᠮᠣᠩᠭᠣᠯ ᠬᠡᠯᠡ ᠪᠡᠨ ᠣᠷᠬᠢᠭᠰᠠᠨ ᠠ᠋ᠴᠠ ᠲᠡᠳᠡᠭᠡᠷ ᠨᠣᠮ ᠬᠡᠷᠡᠭ ᠦᠭᠡᠢ ᠪᠣᠯᠤᠭᠰᠠᠨ ᠶᠤᠮ᠃ 
       — ᠲᠡᠭᠡᠭᠡᠳ ᠲᠡᠳᠡᠭᠡᠷ ᠨᠣᠮ ᠢ᠋ ᠶᠠᠭᠠᠬᠢᠪᠠ? 
       — ᠲᠡᠳᠡᠭᠡᠷ ᠨᠣᠮ ᠤ᠋ᠳ ᠤ᠋ᠨ ᠵᠠᠷᠢᠮ ᠢ᠋ ᠨᠢ ᠮᠠᠭᠤ ᠴᠠᠭᠠᠰᠤ ᠪᠠᠷ ᠬᠤᠳᠠᠯᠳᠤᠴᠢᠬᠠᠭᠰᠠᠨ᠂ ᠵᠠᠷᠢᠮ ᠢ᠋ ᠨᠢ ᠭᠠᠯ ᠬᠥᠭᠵᠢᠭᠡᠭᠰᠡᠨ᠂ ᠵᠠᠷᠢᠮ ᠢ᠋ ᠨᠢ ᠬᠡᠦᠬᠡᠳ ᠦ᠋ᠨ ᠪᠥᠭᠰᠡ ᠠᠷᠴᠢᠴᠢᠬᠠᠭᠰᠠᠨ᠃ 
       — ᠳᠡᠰ (ᠨᠣᠮᠣᠨ ᠬᠠᠭᠠᠨ ᠰᠢᠷᠡᠭᠡ ᠪᠡᠨ ᠭᠤᠷᠪᠠᠳᠠᠬᠢ ᠤᠳᠠᠭ᠎ᠠ ᠳᠡᠯᠡᠳᠦᠨ᠎ᠡ)! ᠴᠢ ᠡᠳᠦᠭᠡ ᠦᠨᠡᠨ ᠢ᠋ᠶ᠋ᠡᠨ ᠪᠦᠷ ᠬᠡᠯᠡᠯ᠎ᠡ᠃ ᠭᠡᠪᠡᠴᠦ ᠴᠢ ᠣᠨᠴᠠ ᠶᠡᠬᠡ ᠨᠢᠭᠦᠯ ᠦᠢᠯᠡᠳᠦᠭᠰᠡᠨ ᠢ᠋ᠶ᠋ᠡᠨ ᠮᠡᠳᠡᠵᠦ ᠠᠪ ! ᠴᠢ ᠬᠥᠮᠦᠨ ᠪᠣᠯᠵᠤ ᠲᠥᠷᠥᠭᠡᠳ ᠦᠨᠳᠦᠰᠦᠲᠡᠨ ᠦ᠌ ᠪᠡᠨ ᠦᠭᠡ ᠬᠡᠯᠡ᠂ ᠦᠰᠦᠭ ᠪᠢᠴᠢᠭ᠂ ᠰᠣᠶᠣᠯ ᠤ᠋ᠨ ᠥᠪ ᠢ᠋ᠶ᠋ᠡᠨ ᠵᠠᠯᠭᠠᠮᠵᠢᠯᠠᠵᠤ ᠬᠥᠭᠵᠢᠭᠦᠯᠬᠦ ᠦᠭᠡᠢ ᠬᠠᠷᠢᠨ ᠪᠦᠷᠢᠯᠭᠡᠨ ᠰᠦᠢᠳᠬᠡᠨ᠎ᠡ ᠭᠡᠳᠡᠭ ᠳᠠᠩᠴᠤ ᠶᠣᠰᠣ ᠪᠤᠰᠤ᠃ ᠡᠨᠳᠡ ᠭᠠᠷ ᠤ᠋ᠨ ᠦᠰᠦᠭ ᠢ᠋ᠶ᠋ᠡᠨ ᠵᠢᠷᠤ᠂ ᠣᠳᠣ ᠪᠠᠷ ᠢ᠋ᠶ᠋ᠠᠨ ᠴᠢᠮ᠎ᠠ ᠶ᠋ᠢ《ᠠᠷᠪᠠᠨ ᠨᠠᠢ᠍ᠮᠠᠨ ᠲᠠᠮᠤ》 ᠳ᠋ᠤ᠌ ᠤᠨᠠᠭᠠᠨ᠎ᠠ᠃
       — ᠡᠨᠡ ᠁  ᠥ ᠁ ᠦᠭᠡᠢ ᠁
       ᠳᠥᠷᠪᠡᠨ ᠲᠣᠮᠣ ᠡᠷ᠎ᠡ A ᠭᠤᠸᠠᠢ ᠶ᠋ᠢᠨ ᠳᠣᠯᠢᠶᠠᠪᠤᠷ ᠬᠤᠷᠤᠭᠤ ᠶ᠋ᠢ ᠴᠠᠭᠠᠰᠤᠨ ᠳᠡᠭᠡᠷ᠎ᠡ ᠳᠡᠷᠪᠡᠢᠲᠡᠯ᠎ᠡ ᠠᠯᠪᠠ ᠪᠠᠷ ᠳᠠᠷᠤᠵᠤ 《ᠠᠷᠪᠠᠨ ᠨᠠᠢ᠍ᠮᠠᠨ ᠲᠠᠮᠤ》 ᠶ᠋ᠢᠨ ᠨᠢᠭᠡᠳᠦᠭᠡᠷ ᠣᠷᠳᠣᠨ ᠤᠷᠤᠭᠤ ᠴᠢᠷᠴᠦ ᠶᠠᠪᠤᠪᠠ᠃   
  
                                             1996 ᠣᠨ  

       ᠦᠰᠦᠭ ᠠᠮᠢᠯᠠᠭᠤᠯᠤᠭᠴᠢ ᠄ ᠭᠠᠸᠠ