ᠡᠴᠢᠭᠡ- ᠫ · ᠫᠦᠷᠪᠦᠰᠥ᠋ᠷᠦᠩЭцэг-П ·Пүрэвсүрэн
ᠡᠴᠢᠭᠡ
ᠵᠣᠬᠢᠶᠠᠭᠴᠢ᠄ ᠫ · ᠫᠦᠷᠪᠦᠰᠥ᠋ᠷᠦᠩ
ᠡᠪᠦᠭᠡᠨ ᠦ᠌ ᠭᠡᠷ ᠦ᠋ᠨ ᠡᠷᠦᠬᠡ ᠪᠦᠲᠡᠭᠡᠯᠭᠡᠰᠦ ᠲᠡᠢ᠃ ᠡᠳᠦᠢ ᠪᠣᠯᠲᠠᠯ᠎ᠠ ᠪᠣᠰᠤᠭ᠎ᠠ ᠦᠭᠡᠢ ᠪᠠᠢᠭ᠎ᠠ ᠳ᠋ᠤᠨᠢ ᠳ᠋ᠤᠨᠳᠤᠯᠮᠠ ᠭᠠᠢᠬᠠᠯ᠎ᠠ᠃《ᠲᠤᠩ ᠡᠷᠲᠡᠴᠢ ᠬᠥᠮᠦᠨ ᠰᠠᠨ᠃ ᠶᠠᠭᠠᠬᠢᠭᠠᠳ ᠢᠩᠭᠢᠵᠦ ᠣᠷᠣᠢᠲᠠᠭᠠ ᠶᠤᠮ ᠪᠣᠯ》 ᠭᠡᠵᠦ ᠪᠣᠳᠣᠭᠠᠳ ᠬᠡᠳᠦᠨ ᠵᠠᠯᠳᠠᠰᠤ ᠬᠣᠷᠮᠣᠢᠯᠠᠨ ᠭᠡᠷ ᠲᠦ᠍ ᠪᠡᠨ ᠣᠷᠣᠪᠠ᠃ ᠬᠣᠢᠮᠣᠷ ᠤ᠋ᠨ ᠠᠪᠳᠠᠷ᠎ᠠ ᠳᠡᠭᠡᠷᠡᠬᠢ ᠴᠠᠭ ᠠᠷᠪᠠ ᠶ᠋ᠢ ᠵᠢᠭᠠᠵᠤ ᠪᠠᠢᠨ᠎ᠠ᠃ ᠳ᠋ᠤᠨᠳᠤᠯᠮᠠ ᠭᠠᠯ ᠳ᠋ᠤ᠌ ᠪᠠᠨ ᠬᠡᠳᠦᠨ ᠮᠣᠳᠣ ᠬᠠᠶᠠᠭᠠᠳ《ᠡᠪᠦᠭᠡᠨ ᠥᠴᠥᠭᠡᠳᠦᠷ ᠦ᠋ᠨ ᠰᠠᠷᠮᠢᠰᠤ ᠲᠠᠢ ᠬᠡᠳᠦᠨ ᠪᠤᠤᠰᠠᠨ ᠳ᠋ᠤ᠌ ᠪᠠᠨ ᠨᠠᠮ ᠴᠣᠬᠢᠭᠤᠯᠵᠤ ᠳᠠ ᠭᠡᠵᠦ ᠭᠠᠭᠴᠠᠭᠠᠷ ᠢᠨᠢᠶᠡᠮᠰᠦᠭᠯᠡᠪᠡ᠃
ᠨᠥᠬᠥᠷ ᠨᠢ ᠬᠠᠷ᠎ᠠ ᠦᠦᠷ ᠢ᠋ᠶ᠋ᠡᠷ ᠠᠵᠢᠯ ᠳ᠋ᠤ᠌ ᠪᠠᠨ ᠶᠠᠪᠤᠬᠤ ᠳ᠋ᠤ᠌ ᠳ᠋ᠤᠨᠳᠤᠯᠮᠠ ᠬᠣᠶᠠᠷ ᠬᠡᠦᠬᠡᠳ ᠲᠡᠢ ᠪᠡᠨ ᠤᠨᠲᠠᠭᠰᠠᠭᠠᠷ ᠬᠣᠴᠣᠷᠤᠨ᠎ᠠ᠃ ᠵᠠᠷᠢᠮ ᠳ᠋ᠤ᠌ ᠪᠠᠨ ᠠᠢᠯ ᠤ᠋ᠨ ᠡᠪᠦᠭᠡᠨ ᠣᠷᠣᠵᠤ ᠢᠷᠡᠭᠡᠳ᠄
— ᠬᠡᠦᠬᠡ ᠪᠣᠰ ᠠ᠋ ᠪᠣᠰ! ᠠᠢᠯ ᠤ᠋ᠨ ᠠᠪᠠᠭᠠᠢ ᠢᠩᠭᠢᠵᠦ ᠶᠡᠬᠡ ᠤᠨᠲᠠᠬᠤ ᠲᠤᠰᠠ ᠦᠭᠡᠢ ᠪᠠᠢᠳᠠᠭ ᠶᠤᠮ ᠭᠡᠨ᠎ᠡ᠃ ᠲᠡᠭᠦᠨ ᠳ᠋ᠦ᠍ ᠳ᠋ᠤᠨᠳᠤᠯᠮᠠ ᠳᠤᠷᠠᠲᠠᠢ ᠪᠢᠰᠢ᠃《ᠪᠢ ᠡᠨᠡ ᠬᠥᠮᠦᠨ ᠳ᠋ᠦ᠍ ᠶᠠᠮᠠᠷ ᠬᠠᠮᠢᠶ᠎ᠠ ᠲᠠᠢ ᠪᠢᠯᠡ》 ᠭᠡᠰᠡᠨ ᠰᠢᠦ ᠶᠠᠭᠤᠮ᠎ᠠ ᠪᠣᠳᠣᠨ᠎ᠠ᠃
ᠵᠢᠯ ᠦ᠋ᠨ ᠡᠮᠦᠨ᠎ᠡ ᠨᠠᠮᠰᠠᠷᠠᠢ ᠬᠡᠮᠡᠬᠦ ᠡᠨᠡ ᠡᠪᠦᠭᠡᠨ ᠦ᠌ ᠬᠢ ᠬᠠᠰᠢᠶᠠᠨ ᠳ᠋ᠤᠨᠢ ᠪᠠᠭᠤᠵᠤ᠂ ᠵᠢᠵᠢᠭᠬᠡᠨ ᠭᠡᠷ ᠢ᠋ᠶ᠋ᠡᠨ ᠪᠠᠷᠢᠵᠠᠢ᠃
— ᠮᠠᠨ ᠤ᠋ ᠨᠤᠲᠤᠭ ᠤ᠋ᠨ ᠬᠢ ᠶᠦᠮ᠃ ᠶᠠᠳᠠᠷᠠᠭᠰᠠᠨ ᠠᠮᠢᠲᠠᠨ᠃ ᠠᠢᠯ ᠤ᠋ᠨ ᠬᠠᠰᠢᠶᠠᠨ ᠳ᠋ᠤ᠌ ᠪᠠᠢᠭᠰᠠᠨ ᠶᠤᠮ᠃ ᠲᠡᠷᠡ ᠬᠠᠰᠢᠶ᠎ᠠ ᠨᠢ ᠭᠠᠵᠠᠷ ᠲᠤ ᠣᠷᠣᠴᠢᠬᠠᠵᠤ ᠭᠡᠵᠦ ᠨᠥᠬᠥᠷ ᠨᠢ ᠬᠡᠯᠡᠵᠡᠢ᠃ ᠲᠣᠪ ᠬᠢᠭᠰᠡᠨ ᠳᠥᠷᠪᠡᠨ ᠬᠠᠨ᠎ᠠ ᠲᠠᠢ ᠭᠡᠷ ᠢ᠋ ᠨᠢ ᠪᠠᠷᠢᠯᠴᠠᠵᠤ᠂ ᠰᠦᠷ ᠪᠠᠷ᠎ᠠ ᠪᠠᠭ᠎ᠠ ᠲᠠᠢ ᠴᠤ᠌ ᠲᠡᠷᠡ ᠭᠡᠷ ᠲᠦ᠍ ᠪᠡᠨ ᠲᠠᠭᠠᠷᠠᠭᠰᠠᠨ ᠲᠠᠪᠢᠯᠭ᠎ᠠ ᠶ᠋ᠢ ᠨᠢ ᠵᠠᠰᠠᠯᠴᠠᠪᠠ᠃ ᠨᠠᠮᠰᠠᠷᠠᠢ ᠡᠪᠦᠭᠡᠨ ᠳᠠᠯ᠎ᠠ ᠬᠦᠷᠦᠭᠰᠡᠨ ᠭᠡᠬᠦ ᠳ᠋ᠦ᠍ ᠰᠦᠷᠡᠬᠡᠢ ᠰᠡᠷᠭᠦᠯᠡᠩ ᠠᠵᠢ᠃ ᠡᠨᠡ ᠪᠦᠬᠦ ᠠᠵᠢᠯ ᠢ᠋ ᠠᠮᠵᠢᠭᠤᠯᠵᠤ ᠪᠠᠢᠬᠤ ᠳ᠋ᠤ᠌ ᠪᠠᠨ ᠦᠷᠭᠦᠯᠵᠢ ᠨᠢᠭᠡ ᠶ᠋ᠢ ᠶᠠᠷᠢᠵᠤ ᠪᠠᠰᠠ ᠵᠠᠷᠢᠮ ᠳ᠋ᠤ᠌ ᠪᠠᠨ ᠬᠥᠭᠡᠷᠦᠬᠦᠨ ᠱᠣᠭ ᠦᠭᠡ ᠴᠤ᠌ ᠬᠡᠯᠡᠵᠦ ᠪᠠᠢᠯ᠎ᠠ᠃ ᠲᠡᠷᠡ ᠡᠳᠦᠷ ᠡᠴᠡ ᠡᠬᠢᠯᠡᠨ ᠮᠥᠩᠬᠡ᠂ ᠳ᠋ᠤᠨᠳᠤᠯᠮᠠ ᠬᠣᠶᠠᠷ ᠢ᠋ ᠮᠢᠨᠦ ᠬᠦᠦ ᠥᠬᠢᠨ ᠭᠡᠮᠡᠨ ᠳᠠᠭᠤᠳᠠᠵᠤ᠂ ᠪᠠᠰᠠ ᠬᠣᠶᠠᠷ ᠬᠡᠦᠬᠡᠳ ᠢ᠋ ᠨᠢ《ᠬᠠᠯᠲᠠᠬᠠᠢ ᠨᠤᠭᠤᠳ》 ᠭᠡᠮᠡᠨ ᠥᠬᠥᠭᠡᠷᠳᠡᠨ ᠡᠷᠬᠡᠯᠡᠭᠦᠯᠬᠦ ᠪᠣᠯᠪᠠ᠃ ᠤᠳᠠᠯ ᠦᠭᠡᠢ ᠵᠢᠭᠠᠯ ᠤ᠋ᠳ ᠨᠢ《ᠡᠪᠦᠭᠡ ᠡᠪᠦᠭᠡ》 ᠭᠡᠮᠡᠨ ᠭᠦᠶᠦᠯᠳᠦᠵᠦ ᠵᠢᠭᠠᠬᠠᠨ ᠭᠡᠷ ᠲᠦ᠍ ᠨᠢ ᠱᠤᠯᠤᠭᠠᠨᠠᠯᠳᠤᠨ ᠨᠠᠭᠠᠳᠬᠤ ᠳᠤᠷᠠᠲᠠᠢ ᠪᠣᠯᠤᠯ᠎ᠠ᠃ ᠮᠥᠩᠬᠡ《ᠰᠠᠢᠬᠠᠨ ᠡᠪᠦᠭᠡᠨ ᠪᠠᠢᠭ᠎ᠠ ᠶᠤᠮ ᠠ᠋᠃ ᠨᠠᠰᠤᠲᠠᠢ ᠬᠥᠮᠦᠨ ᠬᠡᠦᠬᠡᠳ ᠲᠦ᠍ ᠶᠡᠬᠡ ᠲᠦᠰᠢᠭ ᠲᠡᠢ》 ᠭᠡᠵᠦ ᠠᠪᠠᠭᠠᠢ ᠳ᠋ᠤ᠌ ᠪᠠᠨ ᠶᠠᠷᠢᠨ᠎ᠠ᠃
ᠳ᠋ᠤᠨᠳᠤᠯᠮᠠ ᠪᠣᠯᠬᠣᠷ ᠦᠷᠭᠦᠯᠵᠢ ᠬᠣᠷᠮᠣᠢ ᠠ᠋ᠴᠠ ᠵᠡᠭᠦᠭᠳᠡᠨ ᠭᠡᠷ ᠲᠦ᠍ ᠤᠶᠠᠵᠤ ᠪᠠᠢᠳᠠᠭ ᠵᠢᠭᠠᠯ ᠤ᠋ᠳ ᠢ᠋ᠶ᠋ᠠᠨ ᠰᠠᠭᠠᠲᠠᠭᠤᠯᠬᠤ ᠬᠥᠮᠦᠨ ᠲᠡᠢ ᠪᠣᠯᠤᠭᠰᠠᠨ ᠳ᠋ᠤ᠌ ᠣᠯᠵᠠᠭᠤᠷᠬᠠᠨ᠂ ᠳᠡᠯᠭᠡᠭᠦᠷ ᠬᠣᠷᠰᠢᠶ᠎ᠠ᠂ ᠲᠠᠨᠢᠯ ᠲᠠᠯ᠎ᠠ ᠪᠠᠷ ᠢ᠋ᠶ᠋ᠠᠨ ᠠᠭᠠᠵᠢᠭᠤᠬᠠᠨ ᠠᠮᠢᠰᠬᠤᠭ᠎ᠠ ᠲᠠᠢ ᠶᠠᠪᠤᠬᠤ ᠪᠣᠯᠤᠭᠰᠠᠨ ᠪᠠᠢᠨ᠎ᠠ᠃
ᠨᠠᠮᠰᠠᠷᠠᠢ ᠡᠪᠦᠭᠡᠨ ᠦ᠌ ᠴᠢᠰᠤᠨ ᠤ᠋ ᠳᠠᠷᠤᠯᠲᠠ ᠶᠡᠬᠡᠲᠡᠢ ᠪᠣᠯᠪᠠᠴᠤ ᠲᠡᠷᠡ ᠪᠣᠯᠭᠠᠨ ᠬᠡᠪᠲᠡᠭᠡᠳ ᠪᠠᠢᠬᠤ ᠦᠭᠡᠢ᠃ ᠲᠡᠳᠬᠦᠪᠦᠷᠢ ᠶ᠋ᠢᠨ ᠬᠡᠳᠦ ᠪᠡᠷ ᠢ᠋ᠶ᠋ᠡᠨ ᠲᠣᠪᠬᠢᠲᠠᠯ᠎ᠠ ᠠᠮᠢᠳᠤᠷᠠᠨ᠎ᠠ᠃ ᠲᠡᠭᠦᠨ ᠢ᠋ᠶ᠋ᠡᠨ ᠠᠪᠤᠭᠰᠠᠨ ᠡᠳᠦᠷ ᠬᠠᠯᠳᠠᠬᠠᠢ ᠨᠤᠭᠤᠳ ᠢ᠋ ᠵᠠᠪᠠᠯ ᠪᠠᠶᠠᠷᠯᠠᠭᠤᠯᠤᠨ᠎ᠠ᠃ ᠳᠤᠯᠠᠭᠠᠨ ᠴᠠᠭ ᠲᠤ ᠬᠠᠰᠢᠶᠠᠨ ᠤ᠋ ᠭᠠᠳᠠᠨᠠᠬᠢ ᠰᠠᠨᠳᠠᠯᠢ ᠳᠡᠭᠡᠷ᠎ᠡ ᠪᠣᠳᠣᠯᠭᠠᠰᠢᠷᠠᠨ ᠰᠠᠭᠤᠬᠤ ᠨᠢ ᠣᠯᠠᠨᠲᠠ᠃ ᠤᠯᠠᠷᠢᠯ ᠳ᠋ᠤ᠌ ᠨᠢᠭᠡ ᠤᠳᠠᠭ᠎ᠠ《ᠮᠠᠭᠤ ᠬᠦᠦ ᠪᠡᠨ ᠡᠷᠭᠢᠭᠡᠳ ᠢᠷᠡᠨ᠎ᠡ》 ᠭᠡᠮᠡᠨ ᠭᠤᠷᠪᠠ᠂ ᠳᠥᠷᠪᠡᠨ ᠬᠣᠨᠣᠭ ᠢ᠋ᠶ᠋ᠠᠷ ᠠᠯᠠᠭ᠎ᠠ ᠪᠣᠯᠤᠨ᠎ᠠ᠃ ᠲᠡᠭᠦᠨ ᠦ᠌ ᠭᠠᠭᠴᠠ ᠬᠦᠦ ᠨᠢ《ᠠᠪᠤ ᠶ᠋ᠢᠨ ᠳ᠋ᠦ᠍》 ᠠᠷᠪᠠᠭᠠᠳ ᠵᠢᠯ ᠰᠠᠭᠤᠵᠤ ᠪᠠᠢᠭ᠎ᠠ ᠭᠡᠨ᠎ᠡ᠃ ᠨᠢᠭᠡᠨ ᠪᠠᠶᠠᠷ ᠢ᠋ᠶ᠋ᠠᠷ ᠡᠪᠦᠭᠡᠨ ᠮᠥᠩᠬᠡ ᠶ᠋ᠢᠨ ᠳ᠋ᠦ᠍ ᠬᠣᠭᠣᠯᠠ ᠢᠳᠡᠵᠦ᠂ ᠬᠣᠶᠠᠷ ᠬᠤᠨᠳᠠᠭ᠎ᠠ ᠠᠷᠢᠬᠢ ᠤᠤᠭᠤᠭᠠᠳ ᠢᠩᠭᠢᠵᠦ ᠶᠠᠷᠢᠵᠠᠢ᠃
— ᠪᠢ ᠴᠤ᠌ ᠵᠠᠶᠠᠭ᠎ᠠ ᠦᠭᠡᠢ ᠠᠮᠢᠲᠠᠨ ᠳᠠ᠃ ᠤᠤᠯ ᠨᠢ ᠪᠤᠰᠤᠳ ᠲᠤ ᠭᠡᠮ ᠨᠢᠭᠦᠯ ᠬᠢᠭᠡ ᠦᠭᠡᠢ ᠯᠡ ᠶᠤᠮᠰᠠᠨ᠃ ᠭᠡᠲᠡᠯ᠎ᠡ ᠠᠮᠢᠳᠤᠷᠠᠯ ᠮᠢᠨᠢ ᠥᠭᠡᠳᠡ ᠲᠡᠢ ᠶᠠᠪᠤᠭᠰᠠᠨ ᠦᠭᠡᠢ᠃ ᠴᠡᠷᠢᠭ ᠴᠤᠤᠬ᠎ᠠ ᠭᠡᠵᠦ ᠶᠠᠪᠤᠭᠰᠠᠭᠠᠷ ᠭᠤᠴᠢ ᠬᠦᠷᠴᠦ ᠭᠡᠷᠯᠡᠭᠰᠡᠨ ᠶᠦᠮ᠃ ᠭᠤᠷᠪᠠᠨ ᠬᠡᠦᠬᠡᠳ ᠭᠠᠷᠤᠭᠰᠠᠨ ᠪᠣᠯᠪᠠᠴᠤ ᠳᠡᠭᠡᠳᠦᠬᠢ ᠬᠣᠶᠠᠷ ᠨᠢ ᠪᠠᠭ᠎ᠠ ᠳ᠋ᠤ᠌ ᠪᠠᠨ ᠪᠢᠳᠡ ᠬᠣᠶᠠᠷ ᠤ᠋ᠨ ᠢ᠋ᠶ᠋ᠠᠨ ᠡᠯᠢᠭᠡ ᠶ᠋ᠢ ᠬᠠᠷᠠᠯᠠᠭᠤᠯᠵᠤ ᠣᠳᠤᠯ᠎ᠠ᠃ ᠠᠪᠠᠭᠠᠢ ᠶ᠋ᠢᠨ ᠪᠡᠶ᠎ᠡ ᠨᠢ ᠥᠭᠡᠳᠡᠯᠡᠬᠦ ᠦᠭᠡᠢ᠃ ᠣᠢᠷ᠎ᠠ ᠶ᠋ᠢᠨ ᠨᠢᠭᠡ ᠯᠠᠮᠠ ᠪᠠᠷ ᠰᠡᠮᠡᠬᠡᠨ ᠦᠵᠡᠭᠦᠯᠪᠡᠯ ᠄
— ᠨᠤᠲᠤᠭ ᠢ᠋ᠶ᠋ᠠᠨ ᠰᠣᠯᠢᠭᠰᠠᠨ ᠨᠢ ᠳᠡᠭᠡᠷ᠎ᠡ ᠶᠦᠮ ᠪᠠᠢᠨ᠎ᠠ ᠭᠡᠳᠡᠭ ᠪᠠᠢᠨ᠎ᠠ ᠰᠢᠦ᠃
ᠲᠡᠭᠡᠭᠡᠳ ᠳᠥᠴᠢ ᠭᠠᠷᠤᠭᠰᠠᠨ ᠤ᠋ ᠬᠣᠢᠨ᠎ᠠ ᠪᠠᠨ ᠬᠣᠲᠠ ᠣᠷᠣᠵᠤ ᠢᠷᠡᠭᠰᠡᠨ ᠬᠡᠷᠡᠭ᠃ ᠶᠠᠩᠵᠤ ᠪᠦᠷᠢ ᠶ᠋ᠢᠨ ᠠᠵᠢᠯ ᠬᠢᠵᠦ ᠮᠠᠭᠤ ᠬᠠᠨᠢ᠂ ᠭᠠᠭᠴᠠ ᠬᠦᠦ ᠪᠡᠨ ᠮᠥᠷᠥ ᠪᠦᠲᠦᠨ ᠭᠡᠳᠡᠰᠦ ᠴᠠᠳᠬᠤᠯᠠᠩ ᠯᠠ ᠪᠠᠢᠯᠭᠠᠵᠤ ᠪᠠᠢᠭᠰᠠᠨ ᠳᠠ᠃ ᠭᠡᠲᠡᠯ᠎ᠡ ᠨᠠᠰᠤᠲᠠᠨ ᠮᠢᠨᠢ ᠠᠷᠪᠠᠨ ᠨᠠᠰᠤᠲᠠᠢ ᠬᠦᠦ ᠪᠢᠳᠡ ᠬᠣᠶᠠᠷ ᠢ᠋ ᠦᠯᠡᠳᠡᠭᠡᠭᠡᠳ ᠬᠣᠷᠸ᠎ᠠ ᠠ᠋ᠴᠠ ᠬᠠᠯᠢᠯᠠ᠃
ᠳᠡᠪᠡᠯ ᠦ᠋ᠨ ᠭᠣᠣᠯ ᠪᠣᠯᠤᠭᠰᠠᠨ ᠪᠢ ᠦᠬᠦᠭᠰᠡᠨ ᠡᠴᠡ ᠦᠯᠡᠳᠡᠭᠰᠡᠨ ᠭᠠᠭᠴᠠ ᠦᠷ᠎ᠡ ᠶ᠋ᠢᠨ ᠢ᠋ᠶ᠋ᠡᠨ ᠲᠥᠯᠥᠭᠡ ᠯᠡ ᠠᠮᠢᠳᠤ ᠶᠠᠪᠤᠵᠤ ᠪᠠᠢᠭᠰᠠᠨ ᠳᠠ᠃ ᠬᠦᠦ ᠪᠡᠨ ᠳᠠᠩᠴᠤ ᠡᠷᠬᠡ ᠥᠰᠬᠡᠭᠰᠡᠨ ᠳ᠋ᠦ᠍ ᠪᠡᠨ ᠣᠳᠣ ᠥᠭᠢᠷ᠎ᠡ ᠲᠣᠯᠣᠭᠠᠢ ᠪᠠᠨ ᠰᠢᠭᠠᠵᠤ ᠰᠠᠭᠤᠬᠤ ᠶᠤᠮ᠃ ᠬᠦᠦ ᠮᠢᠨᠢ ᠪᠦᠲᠦᠯ ᠦᠭᠡᠢ ᠬᠥᠮᠦᠰ ᠲᠡᠢ ᠨᠡᠢᠯᠡᠵᠦ᠂ ᠡᠯᠳᠡᠪ ᠬᠡᠷᠡᠭ ᠬᠢᠵᠦ ᠶᠠᠪᠤᠭᠰᠠᠨ ᠢ᠋ ᠶᠠᠭᠠᠬᠢᠵᠤ ᠮᠡᠳᠡᠬᠦ ᠪᠣᠢ ᠪᠢᠯᠡ᠃
ᠦᠷ᠎ᠡ ᠳ᠋ᠦ᠍ ᠪᠡᠨ ᠢᠲᠡᠭᠡᠭᠰᠡᠨ ᠡᠴᠢᠭᠡ ᠶ᠋ᠢᠨ ᠰᠡᠳᠬᠢᠯ ᠳ᠋ᠦ᠍ ᠬᠠᠷᠠᠳᠠᠵᠤ ᠰᠡᠷᠡᠳᠡᠬᠦ ᠶ᠋ᠢᠨ ᠵᠠᠢ ᠴᠤ᠌ ᠪᠠᠢᠳᠠᠭ ᠦᠭᠡᠢ ᠶᠤᠮᠰᠠᠨᠵᠠᠢ᠃ ᠮᠥᠩᠭᠥ ᠰᠠᠩᠭ᠎ᠠ ᠶᠡᠬᠡᠲᠡᠢ ᠶᠠᠪᠤᠳᠠᠭ ᠪᠠᠢᠪᠠ᠃ ᠬᠠᠶᠠ ᠰᠣᠭᠲᠣᠭᠤ ᠬᠥᠯᠴᠥᠭᠦᠦ ᠴᠤ᠌ ᠢᠷᠡᠨ᠎ᠡ᠃ ᠨᠥᠬᠥᠳ ᠣᠯᠠᠨ ᠲᠠᠢ ᠪᠣᠯᠵᠤ ᠪᠠᠢᠪᠠ᠃ ᠪᠢ《ᠠᠵᠢᠯ ᠬᠢᠵᠦ ᠪᠠᠢᠭ᠎ᠠ ᠬᠥᠮᠦᠨ ᠢᠩᠭᠢᠯ ᠦᠭᠡᠢ ᠶᠠᠭᠠᠬᠢᠬᠤ ᠪᠣᠢ》 ᠭᠡᠵᠦ ᠯᠡ ᠪᠣᠳᠣᠳᠠᠭ ᠪᠠᠢᠯ᠎ᠠ᠃ ᠮᠢᠨᠦ ᠬᠦᠦ ᠪᠠᠷᠢᠯᠭ᠎ᠠ ᠳ᠋ᠤ᠌ ᠠᠵᠢᠯᠯᠠᠵᠤ ᠪᠠᠢᠭᠰᠠᠨ ᠶᠤᠮ᠃ ᠲᠡᠭᠡᠲᠡᠯ᠎ᠡ ᠬᠣᠷᠢᠨ ᠲᠠᠪᠤᠨ ᠤ᠋ ᠪᠠᠨ ᠵᠢᠯ ᠳᠡᠭᠡᠷ᠎ᠡ ᠬᠡᠷᠡᠭ ᠲᠦ᠍ ᠣᠷᠣᠵᠤ᠂ ᠠᠷᠪᠠᠨ ᠲᠠᠪᠤᠨ ᠵᠢᠯ ᠠᠪᠴᠢᠬᠠᠳᠠᠭ ᠶᠤᠮ ᠪᠠᠢᠨ᠎ᠠ᠃ ᠠᠵᠢᠯ ᠠ᠋ᠴᠠ ᠪᠠᠨ ᠭᠠᠷᠤᠭᠠᠳ ᠵᠢᠯ ᠭᠠᠷᠤᠢ ᠪᠣᠯᠤᠭᠰᠠᠨ ᠢ᠋ ᠮᠡᠳᠡᠭᠰᠡᠨ ᠦᠭᠡᠢ᠃ ᠪᠢ ᠳᠠᠩᠴᠤ ᠬᠣᠵᠢᠭᠤ ᠮᠡᠳᠡᠭᠰᠡᠨ ᠠᠮᠢᠲᠠᠨ᠃ ᠣᠳᠣ ᠴᠤ᠌ ᠰᠤᠯᠠᠯᠠᠭᠳᠠᠬᠤ ᠳᠥᠭᠥᠵᠦ ᠯᠡ ᠪᠠᠢᠨ᠎ᠠ ᠳᠠ᠃ ᠪᠢ ᠯᠡ ᠠᠮᠢᠳᠤ ᠪᠠᠢᠵᠤ ᠬᠦᠦ ᠶ᠋ᠢᠨ ᠢ᠋ᠶ᠋ᠡᠨ ᠪᠠᠶᠠᠷ ᠢ᠋ ᠬᠤᠪᠢᠶᠠᠯᠴᠠᠬᠤ ᠶᠤᠮᠰᠠᠨ ᠭᠡᠰᠡᠨ ᠪᠢᠯᠡ᠃ ᠲᠡᠷᠡ ᠣᠷᠣᠢ ᠳ᠋ᠤᠨᠳᠤᠯᠮᠠ ᠮᠥᠩᠬᠡ ᠡᠴᠡ ᠪᠡᠨ᠄
— ᠬᠦᠦ ᠨᠢ ᠶᠠᠭᠠᠬᠢᠭᠰᠠᠨ ᠶᠤᠮ ᠪᠣᠢ ᠭᠡᠪᠡᠯ
— ᠣᠯᠠᠨ ᠳᠠᠬᠢᠨ ᠳᠠᠪᠲᠠᠭᠰᠠᠨ ᠪᠦᠯᠦᠭ ᠳᠡᠭᠡᠷᠡᠮ ᠦ᠋ᠨ ᠬᠡᠷᠡᠭ ᠶᠦᠮ ᠭᠡᠰᠡᠨ ᠰᠢᠦ ᠭᠡᠵᠡᠢ᠃
ᠬᠡᠳᠦᠨ ᠰᠠᠷ᠎ᠠ ᠶ᠋ᠢᠨ ᠨᠢᠭᠡ ᠡᠳᠦᠷ ᠰᠠᠨᠠᠭᠠᠨ ᠳ᠋ᠤ᠌ ᠦᠭᠡᠢ ᠲᠡᠳᠡᠨ ᠦ᠌ ᠳ᠋ᠦ᠍ ᠣᠷᠣᠲᠠᠯ᠎ᠠ ᠡᠪᠦᠭᠡᠨ ᠣᠷᠣᠨ ᠳᠡᠭᠡᠷ᠎ᠡ ᠪᠡᠨ ᠰᠠᠭᠤᠭᠠᠳ᠂ ᠲᠣᠮᠣ ᠰᠢᠷ᠎ᠠ ᠬᠠᠳᠠᠭ ᠳᠡᠯᠭᠡᠨ ᠨᠢᠭᠡ ᠶᠠᠭᠤᠮ᠎ᠠ ᠦᠵᠡᠵᠦ ᠰᠠᠭᠤᠭᠰᠠᠨ ᠢ᠋ᠶ᠋ᠠᠨ ᠰᠠᠨᠳᠤᠷᠤᠨ ᠬᠤᠮᠢᠵᠤ ᠳᠡᠷᠡ ᠶ᠋ᠢᠨ ᠳᠣᠣᠭᠤᠷ ᠢ᠋ᠶ᠋ᠠᠨ ᠬᠢᠬᠦ ᠶ᠋ᠢ ᠳ᠋ᠤᠨᠳᠤᠯᠮᠠ ᠬᠠᠯᠲᠤ ᠬᠠᠷᠠᠵᠠᠢ᠃ ᠲᠡᠭᠦᠨ ᠡᠴᠡ ᠬᠣᠢᠰᠢ《ᠡᠪᠦᠭᠡᠨ ᠬᠠᠳᠠᠭᠠᠯᠠᠭᠰᠠᠨ ᠮᠥᠩᠭᠥ ᠶᠦᠮ ᠤᠤ᠂ ᠦᠨᠡᠲᠦ ᠡᠳ᠋ᠯᠡᠯ ᠢ᠋ᠶ᠋ᠡᠨ ᠦᠵᠡᠵᠦ ᠪᠠᠢᠬᠤ ᠳ᠋ᠤᠨᠢ ᠣᠷᠣᠴᠢᠬᠠᠵᠤ᠂ ᠲᠡᠭᠦᠨ ᠡᠴᠡ ᠪᠢᠰᠢ ᠶᠠᠭᠤᠨ ᠳ᠋ᠤ᠌ ᠲᠡᠭᠡᠲᠡᠯ᠎ᠡ ᠰᠠᠨᠳᠤᠷᠤᠨ ᠨᠢᠭᠤᠬᠤ ᠪᠣᠯᠪᠠ》 ᠭᠡᠵᠦ ᠪᠣᠳᠣᠬᠤ ᠪᠣᠯᠪᠠ᠃
— ᠮᠠᠨ ᠤ᠋ ᠡᠪᠦᠭᠡᠨ ᠶᠡᠬᠡ ᠮᠥᠩᠭᠥ ᠲᠡᠢ ᠪᠠᠢᠬ᠎ᠠ ᠠ᠋ ᠭᠡᠵᠦ ᠮᠥᠩᠬᠡ ᠳ᠋ᠦ᠍ ᠪᠡᠨ ᠶᠠᠷᠢᠪᠠᠯ᠂
— ᠵᠠ ᠶᠠᠭᠤ ᠯᠠ ᠪᠠᠢᠳᠠᠭ ᠶᠤᠮ᠂ ᠶᠠᠳᠠᠷᠠᠭᠰᠠᠨ ᠠᠮᠢᠲᠠᠨ ᠭᠡᠪᠡ᠃
— ᠮᠥᠩᠭᠥ ᠪᠠᠭ᠎ᠠ ᠲᠠᠢ ᠪᠠᠢᠯ᠎ᠠ ᠴᠤ᠌ ᠬᠠᠲᠠᠭᠤ ᠡᠳ᠋ᠯᠡᠯ ᠯᠠᠪ ᠪᠣᠢ ᠭᠡᠪᠡᠯ᠂
— ᠪᠠᠢᠪᠠᠯ ᠪᠠᠢᠭ᠎ᠠ ᠯᠠ ᠪᠢᠵᠡ᠃ ᠴᠢᠮ᠎ᠠ ᠳ᠋ᠤ᠌ ᠶᠠᠮᠠᠷ ᠬᠠᠮᠢᠭ᠎ᠠ ᠲᠠᠢ ᠶᠤᠮ ᠪᠣᠢ ᠭᠡᠵᠦ ᠴᠠᠭᠠᠳᠤᠬᠢ ᠨᠢ ᠤᠴᠠᠭᠠᠷᠯᠠᠵᠠᠢ᠃
ᠳ᠋ᠤᠨᠳᠤᠯᠮᠠ ᠤᠬᠢᠶᠠᠳᠠᠰᠤ ᠠᠰᠬᠠᠬᠤ ᠪᠠᠷ ᠳᠠᠬᠢᠨ ᠭᠠᠷᠬᠤ ᠳ᠋ᠤ᠌ ᠡᠪᠦᠭᠡᠨ ᠪᠣᠰᠤᠭ᠎ᠠ ᠦᠭᠡᠢ ᠯᠡ ᠪᠣᠯᠤᠯᠲᠠᠢ᠂ ᠡᠷᠦᠬᠡ ᠨᠢ ᠪᠦᠲᠡᠭᠡᠯᠭᠡᠰᠦ ᠲᠡᠢ ᠶᠠᠩᠵᠤ ᠪᠠᠷ ᠢ᠋ᠶ᠋ᠠᠨ᠃ ᠶᠠᠭᠠᠬᠢᠭᠠᠳ ᠣᠳᠣ ᠪᠣᠯᠲᠠᠯ᠎ᠠ ᠪᠣᠰᠳᠠᠭ ᠦᠭᠡᠢ ᠶᠦᠮ ᠪᠣᠯ ᠪᠡᠶ᠎ᠡ ᠨᠢ ᠵᠦᠭᠡᠷ ᠪᠠᠢᠭ᠎ᠠ ᠳᠠ》 ᠭᠡᠵᠦ ᠪᠣᠳᠣᠭᠠᠳ ᠡᠷᠦᠬᠡ ᠶ᠋ᠢ ᠨᠢ ᠲᠠᠲᠠᠴᠢᠬᠠᠭᠠᠳ ᠭᠠᠯ ᠢ᠋ ᠨᠢ ᠲᠦᠯᠡᠬᠦ ᠪᠡᠷ ᠢ᠋ᠶ᠋ᠡᠷ ᠭᠡᠷ ᠲᠦ᠋ᠨᠢ ᠣᠷᠣᠪᠠ᠃ ᠡᠪᠦᠭᠡᠨ ᠥᠨᠥᠬᠢ ᠰᠢᠷ᠎ᠠ ᠬᠠᠳᠠᠭ ᠢ᠋ᠶ᠋ᠠᠨ ᠨᠢᠭᠤᠷ ᠳᠡᠭᠡᠷ᠎ᠡ ᠪᠡᠨ ᠪᠠᠷᠢᠭᠠᠳ ᠲᠠᠭ ᠬᠥᠳᠡᠯᠭᠡᠭᠡᠨ ᠦᠭᠡᠢ ᠬᠡᠪᠲᠡᠵᠦ ᠪᠠᠢᠨ᠎ᠠ᠃
ᠳ᠋ᠤᠨᠳᠤᠯᠮᠠ ᠳ᠋ᠤ᠌ ᠨᠢᠭᠡ ᠯᠡ ᠬᠠᠴᠢᠨ ᠰᠠᠨᠠᠭᠳᠠᠭᠠᠳ《ᠡᠪᠦᠭᠡ》 ᠭᠡᠵᠦ ᠴᠡᠴᠡᠷᠬᠢᠯᠡᠭᠰᠡᠨ ᠬᠣᠭᠣᠯᠠᠢ ᠪᠠᠷ ᠬᠣᠶᠠᠷ ᠳᠠᠬᠢᠨ ᠳᠠᠭᠤᠳᠠᠪᠠ᠃ ᠭᠡᠨᠡᠳᠲᠡ ᠠᠢᠳᠠᠰ ᠬᠦᠷᠦᠭᠰᠡᠨ ᠪᠣᠯᠪᠠᠴᠤ《ᠠᠷᠠᠢ ᠦᠭᠡᠢ ᠪᠠᠢᠬᠤ》 ᠭᠡᠵᠦ ᠪᠣᠳᠣᠨ ᠠᠶᠠᠷᠬᠠᠨ ᠳᠥᠭᠥᠭᠡᠳ ᠳᠤᠬᠤ ᠶ᠋ᠢ ᠨᠢ ᠳᠠᠷᠤᠵᠤ ᠦᠵᠡᠪᠡᠯ ᠴᠠᠪ ᠬᠦᠢᠲᠡᠨ᠃ ᠨᠠᠮᠰᠠᠷᠠᠢ ᠡᠪᠦᠭᠡ ᠠᠯᠢ ᠡᠷᠲᠡ ᠠᠮᠢᠰᠬᠤᠯ ᠬᠤᠷᠢᠶᠠᠭᠰᠠᠨ ᠢ᠋ ᠨᠢ ᠰᠠᠶᠢ ᠯᠠ ᠤᠬᠠᠭᠠᠷᠠᠵᠤ ᠶᠠᠭᠠᠷᠠᠨ ᠭᠠᠷᠤᠯ᠎ᠠ᠃ ᠭᠡᠷ ᠲᠦ᠍ ᠪᠡᠨ ᠣᠷᠣᠭᠠᠳ《ᠣᠳᠣ ᠶᠠᠭᠠᠬᠢᠬᠤ ᠪᠣᠢ》 ᠭᠡᠵᠦ ᠪᠣᠳᠣᠩᠭᠤᠲᠠ ᠥᠨᠥᠬᠢ ᠰᠢᠷ᠎ᠠ ᠬᠠᠳᠠᠭ ᠰᠠᠨᠠᠭᠠᠨ ᠳ᠋ᠤ᠌ ᠣᠷᠣᠪᠠ᠃
ᠳ᠋ᠤᠨᠳᠤᠯᠮᠠ《ᠠᠮᠢᠲᠠᠨ ᠬᠥᠮᠦᠨ ᠳ᠋ᠦ᠍ ᠳᠣᠭᠣᠯᠭᠠᠬᠤ ᠠ᠋ᠴᠠ ᠡᠮᠦᠨ᠎ᠡ ᠲᠡᠭᠦᠨ ᠢ᠋ ᠦᠵᠡᠬᠦ ᠬᠡᠷᠡᠭᠲᠡᠢ》 ᠭᠡᠵᠦ ᠪᠣᠳᠣᠨ᠂ ᠪᠦᠰᠡ ᠪᠡᠨ ᠪᠦᠰᠡᠯᠡᠭᠡᠳ ᠡᠷᠭᠢᠵᠦ ᠭᠠᠷᠤᠯ᠎ᠠ᠃ ᠵᠣᠷᠢᠭ ᠢ᠋ᠶ᠋ᠠᠨ ᠴᠢᠩᠭᠠᠯᠠᠨ ᠪᠠᠢᠵᠤ ᠡᠪᠦᠭᠡᠨ ᠦ᠌ ᠭᠡᠷ ᠲᠦ᠍ ᠣᠷᠣᠭᠠᠳ᠂ ᠭᠡᠲᠡᠬᠦ ᠮᠡᠲᠦ ᠠᠶᠠᠷᠬᠠᠨ ᠳᠥᠭᠥᠭᠰᠡᠭᠡᠷ ᠣᠷᠣᠨ ᠤ᠋ ᠬᠢᠨᠢ ᠡᠮᠦᠨ᠎ᠡ ᠵᠣᠭᠰᠣᠪᠠ᠃ ᠲᠡᠭᠡᠭᠡᠳ ᠬᠠᠳᠠᠭ ᠢ᠋ᠶ᠋ᠠᠨ ᠳᠠᠷᠤᠵᠤ ᠬᠥᠰᠢᠭᠰᠡᠨ ᠴᠠᠪ ᠬᠦᠢᠲᠡᠨ ᠭᠠᠷ ᠢ᠋ ᠨᠢ ᠨᠢᠭᠡ ᠭᠠᠷ ᠢ᠋ᠶ᠋ᠠᠷ ᠢ᠋ᠶ᠋ᠠᠨ ᠠᠷᠠᠢᠬᠠᠨ ᠬᠥᠨᠳᠡᠢᠷᠡᠭᠦᠯᠵᠦ᠂ ᠨᠥᠭᠦᠭᠡ ᠭᠠᠷ ᠢ᠋ᠶ᠋ᠠᠷ ᠢ᠋ᠶ᠋ᠠᠨ ᠶᠠᠭᠤ ᠣᠢᠴᠢᠬᠤ ᠪᠣᠯ ᠭᠡᠰᠡᠨ ᠮᠡᠲᠦ ᠪᠣᠯᠭᠣᠮᠵᠢᠯᠠᠨ ᠬᠠᠳᠠᠭ ᠢ᠋ ᠠᠪᠲᠠᠯ᠎ᠠ ᠡᠪᠦᠭᠡᠨ ᠦ᠌ ᠠᠮᠠ ᠬᠠᠮᠠᠷ ᠳᠡᠭᠡᠷ᠎ᠡ ᠬᠡᠰᠡᠭᠬᠡᠨ ᠬᠠᠯᠢᠭᠤᠨ ᠦᠰᠦ ᠦᠯᠡᠳᠡᠬᠦ ᠳ᠋ᠦ᠍ ᠬᠡᠦᠬᠡᠨ ᠦ᠌ ᠰᠣᠴᠢᠵᠤ ᠲᠣᠮᠣᠷᠠᠭᠰᠠᠨ ᠬᠠᠷ᠎ᠠ ᠨᠢᠳᠦ ᠲᠡᠷᠡ ᠴᠢᠭ ᠲᠦ᠍ ᠪᠡᠨ ᠭᠥᠯᠢᠷᠡᠴᠢᠬᠡᠪᠡ᠃
ᠵᠥᠭᠡᠯᠡᠨ ᠳᠣᠯᠭᠢᠶᠠᠯᠢᠭ ᠬᠡᠳᠦᠨ ᠲᠤᠭ ᠦᠰᠦ᠃ ᠳᠠᠭᠠᠬᠢ! ᠬᠡᠦᠬᠡᠳ ᠦ᠋ᠨ ᠳᠠᠭᠠᠬᠢ ᠠᠵᠠᠢ᠃ ᠡᠪᠦᠭᠡᠨ ᠰᠡᠭᠦᠯᠴᠢ ᠶ᠋ᠢᠨ ᠠᠮᠢᠰᠬᠤᠯ ᠢ᠋ᠶ᠋ᠠᠷ ᠢ᠋ᠶ᠋ᠠᠨ ᠬᠦᠦ ᠶ᠋ᠢᠨ ᠢ᠋ᠶ᠋ᠡᠨ ᠨᠢᠯᠬ᠎ᠠ ᠶ᠋ᠢᠨ ᠰᠡᠪᠡᠯᠭᠡ ᠶ᠋ᠢ ᠦᠨᠦᠷᠯᠡᠭᠰᠡᠨ ᠨᠢ ᠲᠡᠷᠡ ᠪᠠᠢᠵᠤ᠃ ᠬᠥᠭᠡᠷᠦᠬᠦᠢ ᠡᠴᠢᠭᠡ!
ᠢᠷᠡᠯᠲᠡ᠄ ᠯ ᠲᠦᠳᠦᠪ ᠨᠠᠷ ᠤ᠋ᠨ
《ᠤᠳᠬ᠎ᠠ ᠶ᠋ᠢᠨ ᠴᠢᠮᠡᠭ》 ᠨᠣᠮ ᠤ᠋ᠨ ᠫ · ᠫᠦᠷᠪᠦᠰᠥ᠋ᠷᠦᠩ ᠦ᠋ᠨ 《ᠡᠴᠢᠭᠡ》 ᠭᠡᠬᠦ
ᠥᠭᠦᠯᠡᠯᠭᠡ ᠡᠴᠡ ᠰᠡᠢᠷᠡᠭᠦᠯᠪᠡ᠃
ᠭᠠᠭᠴᠠᠬᠠᠨ ᠠᠭᠤᠯᠵᠠᠭᠠᠳ ᠲᠡᠪᠡᠷᠢᠭᠦᠯᠬᠦ ᠰᠠᠨ
ᠦᠭᠡ᠄ ᠪᠡ᠊· ᠪᠠᠲᠤᠰᠦ᠋ᠬᠡ
ᠠᠶ᠎ᠠ᠄ ᠪᠡ᠊ ᠫᠦᠷᠪᠦᠰᠦ᠋ᠷᠦᠩ
ᠳᠠᠭᠤᠴᠢᠨ᠄ ᠯ ᠪᠠᠨᠽᠠᠷᠠᠭᠴᠢ
ᠰᠠᠢᠬᠠᠨ ᠠᠪᠤ ᠶ᠋ᠢ ᠪᠡᠨ ᠰᠠᠨᠠᠭᠠᠳ ᠯᠠ ᠠᠰᠬᠠᠷᠠᠲᠠᠯ᠎ᠠ ᠤᠬᠢᠯᠠᠳᠠᠭ ᠳᠠ
ᠰᠠᠭᠠᠬᠠᠯᠲᠠ ᠶ᠋ᠢᠨ ᠴᠠᠭᠠᠨ᠎ᠠ ᠠ᠋ᠴᠠ ᠬᠦᠯᠢᠶᠡᠵᠦ ᠤᠳᠠᠭᠠᠨ
ᠵᠣᠭᠰᠣᠳᠠᠭ ᠳᠠ
ᠡᠵᠡᠨ ᠦᠭᠡᠢ ᠦᠯᠡᠳᠡᠭᠰᠡᠨ
ᠳᠡᠪᠡᠯ ᠢ᠋ ᠨᠢ
ᠨᠥᠮᠥᠷᠦᠭᠡᠳ ᠰᠠᠭᠤᠬᠤ ᠪᠠᠷ ᠲᠠᠢᠪᠤᠰᠢᠷᠠᠬᠤ ᠶᠤᠮ
ᠡᠯᠡᠰᠦᠲᠦ ᠮᠠᠩᠬᠠᠨ ᠤ᠋
ᠦᠵᠦᠭᠦᠷ ᠡᠴᠡ ᠠᠯᠬᠤᠭᠠᠳ ᠢᠷᠡᠳᠡᠭ ᠴᠦ᠍ ᠪᠣᠯᠤᠭᠠᠰᠠᠢ
ᠠᠪᠤ ᠳ᠋ᠤ᠌ ᠪᠠᠨ ᠵᠢᠮᠡᠯᠡᠭᠦᠯᠦᠭᠰᠡᠨ ᠳᠠᠭᠤᠨ ᠢ᠋ᠶ᠋ᠠᠷ ᠰᠡᠳᠬᠢᠯ ᠤᠶᠠᠰᠠᠭᠠᠳ ᠪᠣᠯᠬᠤ ᠦᠭᠡᠢ ᠨᠢ ᠠ᠋
ᠠᠬᠢᠭᠠᠳ ᠭᠠᠭᠴᠠᠬᠠᠨ ᠠᠭᠤᠯᠵᠠᠪᠠᠯ
ᠬᠦᠦ ᠴᠢᠨᠢ ᠲᠠᠨ ᠢ᠋ ᠪᠡᠨ ᠲᠡᠪᠡᠷᠢᠮᠡᠷ ᠪᠠᠢᠨ᠎ᠠ
ᠬᠠᠢᠷᠠᠲᠠᠢ ᠠᠪᠤ ᠶ᠋ᠢ ᠪᠡᠨ ᠳᠤᠷᠠᠰᠤᠭᠠᠳ ᠯᠠ ᠨᠢᠯᠪᠤᠰᠤ ᠪᠠᠨ ᠠᠷᠴᠢᠳᠠᠭ ᠳᠠ
ᠬᠠᠴᠢᠨ ᠶᠡᠬᠡ ᠪᠡᠷ ᠰᠠᠨᠠᠭᠠᠰᠢᠷᠠᠨ ᠨᠡᠷ᠎ᠡ ᠶ᠋ᠢ ᠨᠢ ᠳᠠᠭᠤᠳᠠᠳᠠᠭ ᠳᠠ ᠡᠪᠬᠡᠭᠡᠳ ᠣᠷᠬᠢᠭᠰᠠᠨ
ᠪᠦᠰᠡ ᠶ᠋ᠢ ᠨᠢ ᠳᠡᠷᠡᠯᠡᠭᠡᠳ ᠤᠨᠲᠠᠬᠤ ᠪᠠᠷ ᠠᠭᠤᠵᠢᠷᠠᠬᠤ ᠶᠤᠮ
ᠡᠵᠢ ᠶ᠋ᠢᠨ ᠮᠢᠨᠢ ᠴᠠᠢ ᠶ᠋ᠢ
ᠤᠤᠭᠤᠬᠤ ᠪᠠᠷ ᠡᠷᠭᠢᠭᠡᠳ ᠢᠷᠡᠳᠡᠭ ᠴᠦ᠍ ᠪᠣᠯᠤᠭᠠᠰᠠᠢ
ᠠᠪᠤ ᠳ᠋ᠤ᠌ ᠪᠠᠨ ᠵᠢᠮᠡᠯᠡᠭᠦᠯᠦᠭᠰᠡᠨ ᠳᠠᠭᠤᠨ ᠢ᠋ᠶ᠋ᠠᠷ ᠰᠡᠳᠬᠢᠯ ᠤᠶᠠᠰᠠᠭᠠᠳ
ᠪᠣᠯᠬᠤ ᠦᠭᠡᠢ ᠨᠢ ᠠ᠋
ᠠᠬᠢᠭᠠᠳ ᠭᠠᠭᠴᠠᠬᠠᠨ ᠠᠭᠤᠯᠵᠠᠪᠠᠯ
ᠬᠦᠦ ᠴᠢᠨᠢ ᠲᠠᠨ ᠢ᠋ ᠪᠡᠨ ᠲᠡᠪᠡᠷᠢᠮᠡᠷ ᠪᠠᠢᠨ᠎ᠠ
ᠵᠦᠢᠳᠡᠯ ᠦᠭᠡᠢ ᠲᠡᠭᠷᠢ ᠶ᠋ᠢᠨ ᠠᠭᠤᠳᠠᠮ ᠳ᠋ᠠᠬᠢ ᠣᠳᠣᠳ ᠤ᠋ᠨ ᠴᠢᠭᠤᠯᠭᠠᠨ ᠠ᠋ᠴᠠ
ᠵᠡᠭᠦᠳᠦᠨ ᠳ᠋ᠦ᠍ ᠬᠦᠦ ᠳ᠋ᠦ᠍ ᠪᠡᠨ ᠢᠷᠡᠨ᠎ᠡ ᠭᠡᠵᠦ ᠮᠠᠨᠠᠵᠤ
ᠬᠣᠨᠣᠳᠠᠭ ᠳᠠ
ᠨᠤᠲᠤᠭ ᠤ᠋ᠨ ᠪᠤᠭᠤᠷᠤᠯ ᠬᠥᠭᠰᠢᠴᠦᠦᠯ ᠠᠳᠠᠯᠢᠬᠠᠨ ᠬᠠᠷᠠᠭᠳᠠᠭᠠᠳ ᠰᠡᠮᠡᠷᠡᠬᠦ ᠶᠦᠮ
ᠨᠢᠷᠤᠭᠤ ᠲᠠᠢ ᠶᠠᠪᠤᠭᠰᠠᠨ
ᠠᠪᠤ ᠮᠢᠨᠢ ᠲᠣᠰᠤᠭᠠᠳ
ᠢᠷᠡᠳᠡᠭ ᠴᠦ᠍ ᠪᠣᠯᠤᠭᠠᠰᠠᠢ
ᠠᠪᠤ ᠳ᠋ᠤ᠌ ᠪᠠᠨ ᠵᠢᠮᠡᠯᠡᠭᠦᠯᠦᠭᠰᠡᠨ ᠳᠠᠭᠤᠨ ᠢ᠋ᠶ᠋ᠠᠷ ᠰᠡᠳᠬᠢᠯ ᠪᠣᠯᠬᠤ ᠦᠭᠡᠢ ᠨᠢ ᠠ᠋
ᠠᠬᠢᠭᠠᠳ ᠭᠠᠭᠴᠠᠬᠠᠨ ᠠᠭᠤᠯᠵᠠᠪᠠᠯ
ᠬᠦᠦ ᠴᠢᠨᠢ ᠲᠠᠨ ᠢ᠋ ᠪᠡᠨ ᠲᠡᠪᠡᠷᠢᠮᠡᠷ ᠪᠠᠢᠨ᠎ᠠ
ᠠᠪᠤ ᠳ᠋ᠤ᠌ ᠪᠠᠨ ᠵᠢᠮᠡᠯᠡᠭᠦᠯᠦᠭᠰᠡᠨ ᠳᠠᠭᠤᠨ ᠢ᠋ᠶ᠋ᠠᠷ ᠰᠡᠳᠬᠢᠯ ᠤᠶᠠᠰᠤᠭᠠᠳ ᠪᠣᠯᠬᠤ ᠦᠭᠡᠢ ᠨᠢ ᠠ᠋
ᠠᠬᠢᠭᠠᠳ ᠭᠠᠭᠴᠠᠬᠠᠨ ᠠᠭᠤᠯᠵᠠᠪᠠᠯ
ᠬᠦᠦ ᠴᠢᠨᠢ ᠲᠠᠨ ᠢ᠋ ᠪᠡᠨ
ᠲᠡᠪᠡᠷᠢᠮᠡᠷ ᠪᠠᠢᠨ᠎ᠠ
ᠬᠦᠦ ᠴᠢᠨᠢ ᠲᠠᠨ ᠢ᠋ ᠪᠡᠨ
ᠲᠡᠪᠡᠷᠢᠮᠡᠷ ᠪᠠᠢᠨ᠎ᠠ
ᠠᠪᠤ ᠳ᠋ᠤ᠌ ᠪᠠᠨ ᠵᠢᠮᠡᠯᠡᠭᠦᠯᠦᠭᠰᠡᠨ ᠳᠠᠭᠤᠨ ᠢ᠋ᠶ᠋ᠠᠷ ᠰᠡᠳᠬᠢᠯ ᠪᠣᠯᠬᠤ ᠦᠭᠡᠢ ᠨᠢ ᠠ᠋
ᠠᠬᠢᠭᠠᠳ ᠭᠠᠭᠴᠠᠬᠠᠨ ᠠᠭᠤᠯᠵᠠᠪᠠᠯ
ᠬᠦᠦ ᠴᠢᠨᠢ ᠲᠠᠨ ᠢ᠋ ᠪᠡᠨ ᠲᠡᠪᠡᠷᠢᠮᠡᠷ ᠪᠠᠢᠨ᠎ᠠ
ᠠᠪᠤ ᠳ᠋ᠤ᠌ ᠪᠠᠨ ᠵᠢᠮᠡᠯᠡᠭᠦᠯᠦᠭᠰᠡᠨ ᠳᠠᠭᠤᠨ ᠢ᠋ᠶ᠋ᠠᠷ ᠰᠡᠳᠬᠢᠯ ᠤᠶᠠᠰᠤᠭᠠᠳ ᠪᠣᠯᠬᠤ ᠦᠭᠡᠢ ᠨᠢ ᠠ᠋
ᠠᠬᠢᠭᠠᠳ ᠭᠠᠭᠴᠠᠬᠠᠨ ᠠᠭᠤᠯᠵᠠᠪᠠᠯ
ᠬᠦᠦ ᠴᠢᠨᠢ ᠲᠠᠨ ᠢ᠋ ᠪᠡᠨ
ᠲᠡᠪᠡᠷᠢᠮᠡᠷ ᠪᠠᠢᠨ᠎ᠠ
ᠬᠦᠦ ᠴᠢᠨᠢ ᠲᠠᠨ ᠢ᠋ ᠪᠡᠨ
ᠲᠡᠪᠡᠷᠢᠮᠡᠷ ᠪᠠᠢᠨ᠎ᠠ
ᠦᠰᠦᠭ ᠠᠮᠢᠯᠠᠭᠤᠯᠤᠭᠰᠠᠨ ᠨᠢ ᠄ ᠴᠢ · ᠤᠷᠠᠨᠴᠡᠴᠡᠭ
ᠬᠢᠨᠠᠯᠲᠠ ᠄ ᠮᠥᠴᠢᠷ᠂ ᠢᠷᠡᠭᠡᠳᠦᠢ᠂ ᠭᠠᠷᠮ᠎ᠠ
