ᠬᠡᠢ ᠦᠵᠡᠭᠳᠡᠯ - ᠸᠠᠴᠢᠷᠪᠠᠲᠤ ᠶ᠋ᠢᠨ ᠳᠠᠰᠢᠪᠠᠯᠪᠠᠷ Хий үзэгдэл - Очирбатын Дашбалбар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠢ ᠦᠵᠡᠭᠳᠡᠯ - ᠸᠠᠴᠢᠷᠪᠠᠲᠤ ᠶ᠋ᠢᠨ ᠳᠠᠰᠢᠪᠠᠯᠪᠠᠷ Хий үзэгдэл - Очирбатын Дашбалбар

ᠬᠡᠢ ᠦᠵᠡᠭᠳᠡᠯ - ᠸᠠᠴᠢᠷᠪᠠᠲᠤ ᠶ᠋ᠢᠨ ᠳᠠᠰᠢᠪᠠᠯᠪᠠᠷ Хий үзэгдэл - Очирбатын Дашбалбар

2024-11-17

575

ᠬᠡᠢ ᠦᠵᠡᠭᠳᠡᠯ


 ᠴᠠᠭᠠᠨ ᠮᠣᠷᠢ ᠲᠠᠢ ᠬᠥᠮᠦᠨ ᠪᠠᠷᠠᠭᠠᠨ ᠰᠥᠨᠢ 
 ᠴᠠᠰᠤ ᠪᠤᠳᠠᠷᠠᠭᠠᠨ ᠳᠠᠪᠬᠢᠨ᠎ᠠ ᠬᠡᠭᠡᠷ᠎ᠡ ᠲᠠᠯ᠎ᠠ ᠳ᠋ᠤ᠌᠁ 
 ᠦᠶ᠎ᠡ ᠦᠶ᠎ᠡ ᠣᠯᠠᠨ ᠮᠣᠷᠢᠳ ᠤ᠋ᠨ ᠲᠦᠪᠡᠷᠭᠡᠨ
 ᠦᠯᠦ ᠦᠵᠡᠭᠳᠡᠬᠦ ᠬᠥᠮᠦᠰ ᠦ᠋ᠨ ᠬᠠᠰᠬᠢᠷᠤᠯᠳᠤᠭᠠᠨ᠁ 
 《ᠡᠷᠲᠡᠨ ᠦ᠌ ᠾᠦᠩᠨᠦ ᠶ᠋ᠢᠨ ᠪᠠᠭᠠᠲᠤᠷ ᠤ᠋ᠳ ᠤ᠋ᠨ ᠰᠦᠨᠡᠰᠦ 
 ᠡᠨᠡ ᠬᠡᠭᠡᠷ᠎ᠡ ᠲᠠᠯ᠎ᠠ ᠳ᠋ᠤ᠌ ᠡᠭᠦᠷᠢᠳᠡ ᠬᠣᠷᠭᠣᠳᠠᠵᠤ 
 ᠮᠢᠩᠭᠠᠨ ᠵᠢᠯ ᠢ᠋ᠶ᠋ᠡᠷ ᠲᠤᠯᠤᠯᠳᠤᠵᠤ ᠪᠣᠢ 》ᠭᠡᠵᠦ 
 ᠮᠠᠨᠠᠨᠲᠤ ᠰᠥᠨᠢ ᠡᠮᠧ ᠮᠢᠨᠢ ᠥᠭᠦᠯᠡᠨ᠎ᠡ᠃ 

 ᠣᠷᠣᠨ ᠭᠡᠷ ᠦᠭᠡᠢ ᠴᠠᠭᠠᠨ ᠮᠣᠷᠢᠲᠠᠢ ᠬᠥᠮᠦᠨ 
 ᠣᠭᠣᠴᠢᠬᠤ ᠠᠶᠠᠭ᠎ᠠ ᠦᠭᠡᠢ ᠴᠠᠭᠠᠨ ᠮᠣᠷᠢᠲᠠᠢ ᠬᠥᠮᠦᠨ 
 ᠤᠭᠤᠷᠴᠠᠭ ᠲᠤᠯᠤᠭᠠᠳ ᠤ᠋ᠨ ᠳᠤᠮᠳᠠᠭᠤᠷ ᠳᠠᠪᠬᠢᠵᠤ 
 ᠣᠨ ᠵᠢᠯ ᠮᠣᠷᠢᠨ ᠲᠦᠪᠡᠷᠭᠡᠨ ᠤᠷᠤᠰᠤᠨ᠎ᠠ᠃ 

 ᠡᠬᠡ ᠨᠤᠲᠤᠭ ᠤ᠋ᠨ ᠮᠢᠨᠢ ᠰᠥᠨᠢ ᠶ᠋ᠢᠨ ᠵᠡᠷᠭᠡᠯᠭᠡᠨ ᠳ᠋ᠦ᠍ 
 ᠡᠯᠳᠡᠪ ᠵᠦᠢᠯ ᠦ᠋ᠨ ᠦᠵᠡᠭᠳᠡᠯ ᠪᠣᠢ᠁ 
 ᠦᠦᠷ ᠰᠥᠨᠢ ᠪᠡᠷ ᠣᠯᠠᠨ ᠡᠷᠡᠰ ᠬᠠᠰᠬᠢᠷᠤᠯᠳᠤᠵᠤ 
 ᠦᠯᠦ ᠦᠵᠡᠭᠳᠡᠬᠦ ᠮᠣᠷᠢᠨ ᠲᠦᠪᠡᠷᠭᠡᠨ᠁  

 ᠡᠵᠡᠨ ᠦᠭᠡᠢ ᠲᠠᠯ᠎ᠠ ᠳ᠋ᠤ᠌ ᠨᠢ ᠬᠣᠲᠠ ᠰᠠᠭᠤᠷᠢᠨ ᠪᠦᠷᠦᠯᠵᠡᠵᠦ 
 ᠡᠮᠡᠭᠲᠡᠢ ᠬᠥᠮᠦᠨ ᠰᠥᠳᠡᠢᠨ ᠶᠠᠪᠤᠬᠤ ᠦᠵᠡᠭᠳᠡᠨ᠎ᠡ 
 ᠣᠴᠢᠭᠠᠳ ᠦᠵᠡᠬᠦ ᠪᠡᠷ ᠬᠣᠲᠠ ᠰᠠᠭᠤᠷᠢᠨ ᠵᠠᠮᠬᠠᠷᠠᠵᠤ 
 ᠣᠷᠣ ᠦᠭᠡᠢ ᠬᠣᠭᠣᠰᠣᠨ ᠳ᠋ᠤ᠌ ᠪᠦᠰᠡᠭᠦᠢ ᠶ᠋ᠢᠨ ᠳᠦᠷᠰᠦ ᠠᠭᠤᠰᠤᠨ᠎ᠠ  

 ᠴᠠᠭᠠᠨ ᠮᠣᠷᠢ ᠲᠠᠢ ᠬᠥᠮᠦᠨ ᠬᠡᠭᠡᠷ᠎ᠡ ᠲᠠᠯ᠎ᠠ ᠪᠠᠷ 
 ᠴᠠᠬᠢᠯᠤᠨ ᠥᠩᠭᠡᠷᠡᠨ᠎ᠡ ᠰᠥᠨᠢ ᠪᠦᠷᠢ᠁ 
 ᠴᠠᠭ ᠤ᠋ᠨ ᠬᠠᠷᠠᠭᠤᠯ ᠲᠤᠯᠤᠭᠠᠳ ᠡᠩᠨᠡᠵᠦ 
 ᠴᠠᠢᠪᠤᠷ ᠰᠢᠷᠣᠢ ᠳ᠋ᠤ᠌ ᠳᠠᠷᠤᠭᠳᠠᠨ ᠦᠯᠡᠳᠡᠨ᠎ᠡ  

 ᠲᠡᠷᠡ ᠮᠣᠷᠢᠲᠠᠨ ᠬᠠᠨ᠎ᠠ ᠲᠤᠭᠤᠷᠭ᠎ᠠ ᠨᠡᠪᠲᠡᠯᠦᠨ 
 ᠲᠡᠷᠲᠡᠭᠡᠬᠢ ᠠᠯᠤᠰ ᠤᠷᠤᠭᠤ ᠲᠣᠷᠤᠯ ᠦᠭᠡᠢ ᠳᠣᠪᠲᠣᠯᠤᠨ᠎ᠠ 
 ᠠᠯᠤᠰ ᠤ᠋ᠨ ᠬᠠᠨᠠᠨ ᠠᠭᠤᠯᠠᠰ ᠢ᠋ ᠴᠣᠭᠣᠯᠤᠨ ᠣᠷᠣᠭᠠᠳ 
 ᠠᠵᠢᠶᠠᠷᠠᠯ ᠦᠭᠡᠢ ᠴᠠᠭᠠᠳᠤ ᠲᠠᠯ᠎ᠠ ᠳ᠋ᠤᠨᠢ ᠳᠠᠪᠬᠢᠵᠤ ᠶᠠᠪᠤᠨ᠎ᠠ 

 ᠦᠦᠷ ᠴᠠᠢᠵᠤ ᠨᠠᠷᠠᠨ ᠮᠠᠨᠳᠤᠬᠤ ᠳ᠋ᠤ᠌ 
 ᠦᠯᠦ ᠦᠵᠡᠭᠳᠡᠬᠦ ᠴᠠᠭᠠᠨ ᠮᠣᠷᠢᠲᠠᠨ᠁ 
 ᠦᠳᠡᠰᠢ ᠪᠣᠯᠵᠤ ᠰᠠᠷᠠᠨ ᠭᠡᠢᠬᠦ ᠳ᠋ᠦ᠍ 
 ᠦᠷᠭᠡᠯᠡᠬᠦ ᠲᠤᠯᠤᠭᠠᠳ ᠢ᠋ ᠰᠡᠷᠡᠭᠡᠨ ᠳᠠᠪᠬᠢᠨ᠎ᠠ  

 ᠬᠤᠷᠴᠠ ᠲᠤᠭᠤᠷᠠᠢ ᠳ᠋ᠤᠨᠢ ᠭᠠᠯ ᠮᠠᠨᠠᠯᠵᠠᠨ 
 ᠬᠤᠷᠳᠤᠨ ᠬᠦᠯᠦᠭ ᠵᠢᠭᠳᠡᠬᠡᠨ ᠳᠣᠭᠳᠣᠯᠤᠨ᠎ᠠ 
 ᠰᠡᠯᠡᠮ᠎ᠡ ᠶ᠋ᠢᠨ ᠢᠷ ᠢ᠋ᠶ᠋ᠡᠷ ᠵᠦᠰᠦᠭᠦᠯᠦᠭᠰᠡᠨ ᠮᠡᠲᠦ ᠰᠠᠯᠬᠢ 
 ᠰᠠᠮ ᠢᠷᠠᠭᠳᠠᠨ ᠬᠣᠶᠠᠷ ᠲᠠᠯ᠎ᠠ ᠳ᠋ᠤ᠌ ᠰᠡᠷᠴᠢᠭᠢᠨᠡᠨ᠎ᠡ  

 ᠰᠡᠭᠦᠳᠡᠷ ᠦᠭᠡᠢ ᠴᠠᠭᠠᠨ ᠮᠣᠷᠢᠲᠠᠨ ᠰᠦᠷᠦᠭ 
 ᠰᠢᠪᠠᠭᠤ ᠶ᠋ᠢ ᠦᠷᠭᠦᠭᠡᠨ ᠳᠣᠪᠲᠣᠯᠭᠠᠨ᠎ᠠ 
 ᠭᠠᠵᠠᠷ ᠳᠡᠯᠡᠬᠡᠢ ᠯᠡ ᠤᠷᠤᠰᠤᠨ ᠵᠢᠷᠢᠯᠵᠡᠵᠦ 
 ᠭᠠᠢᠬᠠᠮᠰᠢᠭᠲᠤ ᠰᠥᠨᠢ ᠶ᠋ᠢᠨ ᠵᠡᠭᠦᠳᠦ ᠡᠷᠢᠶᠡᠯᠵᠢᠯᠡᠨ᠎ᠡ  

 ᠡᠭᠡᠷᠡᠮ᠎ᠡ ᠲᠠᠯ᠎ᠠ ᠳᠤᠮᠳᠠᠭᠤᠷ ᠴᠠᠭᠠᠨ ᠮᠣᠷᠢᠲᠠᠨ 
 ᠡᠷᠴᠢᠯᠡᠬᠦ ᠬᠤᠢ ᠰᠠᠯᠬᠢ ᠰᠢᠭ᠋ ᠳᠣᠪᠲᠣᠯᠭᠠᠨ 
 ᠡᠵᠢ ᠲᠡᠢ ᠪᠡᠨ ᠲᠡᠷᠡ ᠬᠡᠵᠢᠶ᠎ᠡ ᠴᠦ᠍ ᠵᠣᠯᠭᠠᠬᠤ ᠦᠭᠡᠢ 
 ᠡᠬᠡᠨᠡᠷ ᠲᠡᠢ ᠪᠡᠨ ᠲᠡᠷᠡ ᠬᠡᠷᠬᠢᠪᠡᠴᠦ ᠤᠴᠠᠷᠠᠬᠤ ᠦᠭᠡᠢ 

 ᠬᠤᠷ ᠳᠡᠯ ᠳ᠋ᠦ᠍ ᠨᠢᠭᠤᠷ ᠢ᠋ᠶ᠋ᠠᠨ ᠨᠠᠭᠠᠭᠠᠳ ᠯᠠ 
 ᠬᠤᠷᠮᠤᠰᠲᠠ ᠶ᠋ᠢᠨ ᠳᠣᠣᠷ᠎ᠠ ᠡᠭᠦᠷᠢᠳᠡ ᠳᠠᠪᠬᠢᠨ᠎ᠠ 
 ᠲᠣᠨᠢᠯᠵᠤ ᠴᠢᠳᠠᠭ᠎ᠠ ᠦᠭᠡᠢ ᠰᠦᠨᠡᠰᠦ ᠨᠢ ᠰᠥᠨᠢ ᠳ᠋ᠡᠭᠡᠨ 
 ᠲᠤᠯᠤᠭᠠᠳ ᠤ᠋ᠨ ᠳᠡᠭᠡᠭᠦᠷ ᠪᠦᠷᠦᠯᠵᠡᠨ ᠳᠠᠪᠬᠢᠨ᠎ᠠ  

 ᠦᠯᠦ ᠦᠵᠡᠭᠳᠡᠬᠦ ᠮᠣᠷᠢᠲᠠᠨ ᠡᠷᠡᠰ ᠦ᠋ᠨ 
 ᠦᠢᠯᠡ ᠶ᠋ᠢᠨ ᠦᠷ᠎ᠡ ᠨᠢ ᠮᠢᠩᠭᠠᠨ ᠵᠢᠯ ᠳᠠᠭᠤᠰᠬᠤ ᠦᠭᠡᠢ 
 ᠬᠡᠭᠡᠷ᠎ᠡ ᠲᠠᠯ᠎ᠠ ᠳ᠋ᠤ᠌ ᠲᠤᠯᠤᠯᠳᠤᠬᠤ ᠡᠷᠡᠰ ᠢ᠋ 
 ᠬᠡᠨ ᠴᠦ᠍ ᠵᠣᠭᠰᠣᠭᠠᠵᠤ ᠳ᠋ᠧᠪᠠᠵᠠᠨ ᠳ᠋ᠤ᠌ ᠢᠯᠡᠭᠡᠬᠦ ᠦᠭᠡᠢ  

 ᠪᠦᠷᠦᠢ ᠲᠠᠰᠤᠷᠠᠮᠠᠭᠴᠠ ᠲᠤᠯᠤᠯᠳᠤᠭᠠᠨ ᠤ᠋ ᠲᠠᠯᠠᠪᠤᠷ ᠲᠤ᠌ 
 ᠪᠦᠷᠢᠨ ᠵᠡᠪᠰᠡᠭ ᠬᠠᠩᠭᠢᠨᠠᠭᠤᠯᠤᠨ ᠬᠠᠰᠬᠢᠷᠤᠯᠳᠤᠨ᠎ᠠ 
 ᠦᠦᠷ ᠴᠠᠢᠬᠤ ᠳ᠋ᠤ᠌ ᠶᠠᠭᠤ ᠴᠤ᠌ ᠪᠣᠯᠤᠭ᠎ᠠ ᠦᠭᠡᠢ ᠬᠡᠭᠡᠷ᠎ᠡ ᠲᠠᠯ᠎ᠠ ᠳ᠋ᠤ᠌
 ᠡᠪᠡᠰᠦ ᠨᠠᠢᠭᠤᠵᠤ ᠰᠢᠭᠦᠳᠡᠷᠢ ᠭᠢᠯᠲᠠᠢᠵᠤ ᠨᠠᠷᠠᠨ ᠮᠠᠨᠳᠤᠨ᠎ᠠ  

 ᠳᠠᠬᠢᠭᠠᠳ ᠯᠠ ᠰᠥᠨᠢ ᠪᠣᠯᠵᠤ ᠮᠣᠷᠢᠲᠠᠨ ᠡᠷᠡᠰ 
 ᠳᠠᠢᠴᠢᠨ ᠤᠷᠢᠶ᠎ᠠ ᠬᠠᠰᠬᠢᠷᠤᠨ ᠳᠠᠭᠠᠷᠢᠨ ᠣᠷᠣᠨ᠎ᠠ 
 ᠭᠠᠯᠲᠤ ᠰᠤᠮᠤᠨ ᠳ᠋ᠤ᠌ ᠣᠨᠣᠭᠳᠠᠬᠤ ᠦᠭᠡᠢ ᠨᠢ ᠬᠠᠴᠢᠨ 
 ᠭᠠᠵᠠᠷ ᠤᠨᠠᠭᠠᠳ ᠦᠬᠦᠬᠦ ᠦᠭᠡᠢ ᠨᠢ ᠭᠠᠢᠬᠠᠮ᠎ᠠ

 ᠨᠤᠮᠤ ᠰᠤᠮᠤ ᠪᠠᠷ ᠬᠠᠷᠪᠤᠭᠠᠳ ᠨᠡᠮᠡᠷᠢ ᠦᠭᠡᠢ 
 ᠨᠢᠭᠤᠴᠠ ᠤᠲᠤᠭᠠᠨ ᠳᠤ ᠤᠨᠠᠭᠠᠭᠠᠳ ᠱᠠᠯᠢᠬᠤ ᠦᠭᠡᠢ 
 ᠰᠥᠨᠢ ᠪᠦᠬᠦᠨ ᠦᠬᠦᠪᠡᠴᠦ ᠮᠠᠷᠭᠠᠰᠢ ᠨᠢ ᠠᠮᠢᠳᠤ 
 ᠰᠢᠪᠦᠭᠡᠨ ᠵᠢᠳᠠ ᠲᠠᠢ ᠤᠤᠯᠭᠠᠯᠠᠨ ᠳᠠᠭᠠᠷᠢᠭᠰᠠᠭᠠᠷ ᠯᠠ᠁  

 ᠬᠡᠵᠢᠶᠡᠳᠡ ᠠᠮᠢᠳᠤ ᠬᠡᠵᠢᠶᠡᠳᠡ ᠠᠮᠢᠳᠤ᠁ 
 ᠬᠡᠭᠡᠷ᠎ᠡ ᠲᠠᠯ᠎ᠠ ᠳ᠋ᠤ᠌᠂ ᠬᠡᠭᠡᠷ᠎ᠡ ᠲᠠᠯ᠎ᠠ ᠳ᠋ᠤ᠌ ᠲᠤᠯᠤᠯᠳᠤᠭᠰᠠᠭᠠᠷ ᠯᠠ! 
 ᠬᠡᠴᠡᠭᠦᠦ ᠡᠢᠮᠦ ᠶᠠᠯ᠎ᠠ ᠶ᠋ᠢ ᠬᠡᠨ ᠦ᠌ ᠦᠷᠡᠰ ᠲᠦ᠍ 
 ᠬᠡᠵᠢᠶ᠎ᠡ᠂ ᠶᠠᠭᠠᠬᠢᠭᠠᠳ᠂ ᠬᠡᠨ ᠣᠨᠣᠭᠠᠨ᠎ᠠ ᠪᠣᠢ?  

 ᠬᠠᠷᠭᠤᠢ ᠶ᠋ᠢᠨ ᠲᠣᠭᠣᠰᠣ ᠪᠣᠰᠬᠠᠨ ᠮᠣᠷᠢᠲᠠᠨ ᠡᠷᠡᠰ 
 ᠬᠠᠮᠢᠭ᠎ᠠ ᠪᠣᠯ ᠬᠠᠮᠢᠭ᠎ᠠ ᠳᠠᠪᠬᠢᠨ ᠶᠠᠪᠤᠨ᠎ᠠ 
 ᠢᠰᠬᠡᠷᠦᠨ ᠱᠤᠤᠭᠢᠬᠤ ᠰᠠᠯᠬᠢᠨ ᠳᠤᠮᠳᠠ ᠠ᠋ᠴᠠ 
 ᠢᠵᠢᠢ ᠮᠢᠨᠢ᠁ ᠭᠡᠵᠦ ᠡᠮ᠎ᠡ ᠬᠥᠮᠦᠨ ᠭᠢᠩᠰᠢᠨ᠎ᠡ 

 ᠲᠠᠯ᠎ᠠ ᠬᠥᠨᠳᠡᠢ ᠲᠤᠯᠤᠭᠠᠳ ᠤ᠋ᠨ ᠳᠤᠮᠳᠠᠭᠤᠷ 
 ᠲᠠᠴᠢᠭᠢᠨᠠᠨ ᠥᠩᠭᠡᠷᠡᠨ᠎ᠡ ᠮᠣᠷᠢᠲᠠᠨ ᠡᠷᠡᠰ ᠁ 
 ᠥᠯᠥᠭᠡᠢ ᠲᠡᠢ ᠬᠡᠦᠬᠡᠳ ᠰᠥᠨᠢᠵᠢᠨ ᠤᠬᠢᠯᠠᠩᠨᠠᠵᠤ 
 ᠥᠷᠯᠥᠭ ᠡᠵᠢ ᠨᠢ ᠢᠰᠡᠭᠡᠢ ᠦᠨᠡᠭᠡ ᠬᠠᠢᠴᠢᠯᠠᠨ᠎ᠠ  

 ᠦᠯᠦ ᠦᠵᠡᠭᠳᠡᠬᠦ ᠡᠷᠡᠰ ᠢ᠋ ᠢᠳᠡᠭ! ᠭᠡᠮᠡᠨ 
 ᠥᠨᠳᠥᠷ ᠣᠪᠣᠭᠠᠨ ᠳ᠋ᠤ᠌ ᠢᠳᠡᠭᠡ ᠪᠤᠳᠠᠭ᠎ᠠ ᠡᠷᠭᠦᠨ᠎ᠡ 
 ᠡᠭᠦᠷᠢᠳᠡ ᠶ᠋ᠢᠨ ᠵᠣᠪᠠᠯᠠᠩ ᠲᠠᠢ ᠤᠯᠤᠰ ᠬᠥᠭᠡᠷᠦᠬᠦᠢ ᠭᠡᠵᠦ 
 ᠡᠪᠦᠭᠡᠨ ᠬᠥᠭᠰᠢᠨ ᠵᠠᠯᠪᠠᠷᠢᠵᠤ ᠨᠠᠮᠠᠨᠴᠢᠯᠠᠨ᠎ᠠ  

 ᠥᠷᠥᠭᠡᠯ ᠪᠤᠰᠤᠳ ᠲᠤ ᠭᠠᠢ ᠵᠣᠪᠠᠯᠠᠩ ᠣᠲᠣᠬᠤ ᠦᠭᠡᠢ 
 ᠥᠨᠢ ᠡᠷᠲᠡᠨ ᠦ᠌ ᠡᠷᠡᠰ ᠲᠤᠯᠤᠯᠳᠤᠨ᠎ᠠ 
 ᠬᠡᠭᠡᠷ᠎ᠡ ᠲᠠᠯ᠎ᠠ ᠳ᠋ᠤ᠌ ᠶᠠᠪᠤᠬᠤ ᠳ᠋ᠤ᠌ ᠪᠠᠨ ᠠᠶᠤᠬᠤ ᠬᠡᠷᠡᠭ ᠦᠭᠡᠢ 
 ᠬᠡᠢ ᠦᠵᠡᠭᠳᠡᠯ ᠢ᠋ ᠰᠣᠨᠢᠷᠬᠠᠨ ᠰᠠᠭᠠᠲᠠᠭᠠᠷᠠᠢ!  

 ᠪᠠᠯᠠᠷ ᠣᠢ ᠱᠤᠤᠭᠢᠬᠤ ᠰᠢᠭ᠋ ᠪᠢᠲᠡᠭᠦᠦ ᠴᠢᠮᠡᠭᠡᠨ ᠳ᠋ᠦ᠍ 
 ᠪᠠᠷᠠᠭᠠᠨ ᠲᠠᠩᠭᠢᠰ ᠴᠠᠯᠭᠢᠬᠤ ᠰᠢᠭ᠋ ᠰᠣᠨᠢᠨ ᠠᠪᠢᠶᠠᠨ ᠳ᠋ᠤ᠌ 
 ᠴᠠᠭᠠᠨ ᠮᠣᠷᠢᠲᠠᠢ ᠬᠥᠮᠦᠨ ᠪᠦᠷᠦᠯᠵᠡᠨ ᠭᠠᠷᠴᠤ ᠢᠷᠡᠭᠡᠳ 
 ᠴᠠᠭᠠᠰᠢᠯᠠᠨ ᠳᠠᠪᠬᠢᠨ᠎ᠠ ᠲᠤᠯᠤᠭᠠᠳ ᠳᠠᠮᠵᠢᠨ᠁  

 ᠲᠠᠯ᠎ᠠ ᠶ᠋ᠢᠨ ᠳᠡᠭᠡᠷ᠎ᠡ ᠴᠡᠩᠬᠡᠷᠯᠡᠬᠦ ᠮᠠᠨᠠᠨ ᠶᠤᠮ᠂ ᠲᠡᠷᠡ 
 ᠲᠠ ᠪᠢᠳᠡᠨ ᠦ᠌ ᠡᠪᠦᠭᠡ ᠳᠡᠭᠡᠳᠦᠰ ᠦ᠋ᠨ ᠰᠡᠭᠦᠳᠡᠷ ᠶᠦ᠍ᠮ᠂ ᠲᠡᠷᠡ 
 ᠬᠣᠯᠠ ᠶ᠋ᠢᠨ ᠲᠡᠷᠲᠡᠭᠡ ᠰᠦᠮᠡᠯᠵᠡᠬᠦ ᠵᠡᠷᠭᠡᠯᠭᠡ ᠶᠦ᠍ᠮ᠂ ᠲᠡᠷᠡ 
 ᠭᠣᠣᠯ ᠤ᠋ᠨ ᠡᠷᠭᠢ ᠪᠡᠷ ᠰᠥᠳᠡᠯᠵᠡᠬᠦ ᠦᠵᠡᠭᠳᠡᠯ ᠶᠦ᠍ᠮ᠂ ᠲᠡᠷᠡ 

 ᠰᠥᠨᠢ ᠶ᠋ᠢᠨ ᠠᠮᠤᠭᠤᠯᠠᠩ ᠢ᠋ ᠡᠪᠳᠡᠨ ᠰᠣᠴᠢᠭᠠᠬᠤ 
 ᠥᠨᠢ ᠶ᠋ᠢᠨ ᠡᠪᠦᠭᠡᠳ ᠡᠴᠡ ᠠᠶᠤᠬᠤ ᠬᠡᠷᠡᠭ ᠦᠭᠡᠢ 
 ᠣᠯᠢᠨ ᠬᠤᠴᠠᠬᠤ ᠨᠣᠬᠠᠢ ᠯᠠ ᠲᠡᠳᠡᠨ ᠢ᠋ ᠳᠠᠭᠠᠨ
 ᠠᠭᠤᠯᠠ ᠬᠥᠨᠳᠡᠢ ᠪᠡᠷ ᠬᠡᠰᠡᠭ ᠳᠠᠪᠬᠢᠨ᠎ᠠ 

 ᠦᠦᠷ ᠦ᠋ᠨ ᠭᠡᠭᠡ ᠮᠠᠩᠬᠠᠢᠨ ᠴᠠᠢᠬᠤ ᠳ᠋ᠤ᠌ 
 ᠦᠢᠮᠡᠭᠰᠡᠨ ᠲᠤᠯᠤᠭᠠᠳ ᠨᠠᠮ ᠭᠦᠮ᠁ 
 ᠦᠳᠡᠰᠢ ᠶ᠋ᠢᠨ ᠪᠦᠷᠦᠢ ᠳ᠋ᠦ᠍ ᠡᠬᠢᠯᠡᠭᠰᠡᠨ ᠲᠤᠯᠤᠯᠳᠤᠭᠠᠨ 
 ᠦᠯᠦ ᠦᠵᠡᠭᠳᠡᠬᠦ ᠣᠷᠣᠨ ᠵᠠᠢ ᠳ᠋ᠤ᠌᠁  

 ᠮᠣᠷᠢᠨ ᠲᠦᠪᠡᠷᠭᠡᠨ ᠨᠢᠵᠢᠭᠢᠨᠡᠨ 
 ᠬᠣᠭᠣᠰᠣᠨ ᠲᠠᠯ᠎ᠠ ᠳ᠋ᠤ᠌ ᠠᠭᠤᠰᠤᠨ᠎ᠠ 
 ᠮᠣᠷᠢᠨ ᠲᠦᠪᠡᠷᠭᠡᠨ ᠨᠢᠵᠢᠭᠢᠨᠡᠨ 
 ᠬᠣᠯᠠ ᠶ᠋ᠢᠨ ᠬᠣᠯᠠ ᠳ᠋ᠤ᠌ ᠵᠠᠮᠬᠠᠷᠠᠨ᠎ᠠ  

 ᠠᠭᠤᠯᠠ ᠲᠤᠯᠤᠭᠠᠳ ᠨᠠᠮ ᠭᠦᠮ᠁ 
 ᠤᠯᠠᠭᠠᠨ ᠨᠠᠷᠠᠨ ᠴᠢᠪ ᠴᠢᠮᠡᠭᠡ ᠦᠭᠡᠢ᠁ 
 ᠤᠰᠤ ᠭᠣᠣᠯ ᠠᠨᠢᠷ ᠭᠦᠮ᠁ 
 ᠤᠷᠭᠤᠬᠤ ᠨᠣᠭᠣᠭ᠎ᠠ ᠯᠠ ᠰᠢᠪᠢᠷ ᠢᠪᠢᠷ᠁  

 ᠴᠠᠭᠠᠨ ᠮᠣᠷᠢ ᠲᠠᠢ ᠬᠥᠮᠦᠨ 
 ᠴᠠᠭ ᠬᠤᠭᠤᠴᠠᠭᠠᠨ ᠳ᠋ᠤ᠌ ᠠᠭᠤᠰᠤᠨ ᠠᠯᠳᠠᠷᠠᠵᠤ 
 ᠣᠯᠠᠨ ᠮᠣᠷᠢᠲᠠᠨ ᠡᠷᠡᠰ  
 ᠣᠭᠣᠷᠴᠣᠭ ᠲᠤᠯᠤᠭᠠᠳ ᠲᠤ᠌ ᠰᠢᠩᠭᠡᠪᠡ ᠤᠤ?  

 ᠡᠵᠡᠭᠦᠢ ᠲᠠᠯ᠎ᠠ ᠳᠡᠭᠡᠷ᠎ᠡ ᠠᠢᠯ ᠭᠡᠷ ᠦ᠋ᠳ ᠡᠨᠳᠡ ᠲᠡᠨᠳᠡ᠁ 
 ᠡᠭᠡᠷᠡᠮ᠎ᠡ ᠲᠠᠯ᠎ᠠ ᠶ᠋ᠢᠨ ᠭᠦᠨ ᠳ᠋ᠦ᠍ ᠠᠷᠭᠠᠯ ᠤ᠋ᠨ ᠤᠲᠤᠭ᠎ᠠ ᠲᠠᠷᠬᠠᠨ᠎ᠠ 
 ᠡᠨᠡ ᠰᠥᠨᠢ ᠶ᠋ᠢᠨ ᠬᠡᠢ ᠦᠵᠡᠭᠳᠡᠯ ᠦ᠋ᠨ ᠰᠡᠭᠦᠯᠴᠢ ᠭᠡᠯᠲᠡᠢ 
 ᠡᠷᠴᠢᠯᠡᠭᠰᠡᠨ ᠴᠡᠩᠬᠡᠷ ᠤᠲᠤᠭ᠎ᠠ ᠲᠦᠳᠡᠯ ᠦᠭᠡᠢ ᠵᠠᠮᠬᠠᠷᠠᠨ᠎ᠠ᠃