ᠸᠠᠩᠴᠢᠨᠪᠠᠯ ᠤ᠋ᠨ ᠢᠨᠵᠠᠨᠨᠠᠰᠢВанчинбалын Инжаннаши-Vanchinbalyn Injinash ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠸᠠᠩᠴᠢᠨᠪᠠᠯ ᠤ᠋ᠨ ᠢᠨᠵᠠᠨᠨᠠᠰᠢВанчинбалын Инжаннаши-Vanchinbalyn Injinash

ᠸᠠᠩᠴᠢᠨᠪᠠᠯ ᠤ᠋ᠨ ᠢᠨᠵᠠᠨᠨᠠᠰᠢВанчинбалын Инжаннаши-Vanchinbalyn Injinash

ᠠᠩᠭᠢᠯᠠᠯ:ᠴᠤᠤᠲᠤ ᠬᠥᠮᠥᠰ
2022-07-21

2004

ᠸᠠᠩᠴᠢᠨᠪᠠᠯ ᠤ᠋ᠨ ᠢᠨᠵᠠᠨᠨᠠᠰᠢ


ᠸᠠᠩᠴᠢᠨᠪᠠᠯ ᠤ᠋ᠨ ᠢᠨᠵᠠᠨᠨᠠᠰᠢ (1837 ᠣᠨ—1892 ᠣᠨ) XIX ᠵᠠᠭᠤᠨ ᠤ᠋ ᠮᠣᠩᠭᠣᠯ ᠤ᠋ᠨ ᠤᠷᠠᠨ ᠵᠣᠬᠢᠶᠠᠯ ᠤ᠋ᠨ ᠨᠡᠷᠡᠲᠦ ᠲᠥᠯᠥᠭᠡᠯᠡᠭᠴᠢ ᠨᠡᠷᠡᠲᠦ ᠵᠣᠬᠢᠶᠠᠯᠴᠢ ᠪᠥᠭᠡᠳ ᠡᠵᠡᠨ ᠪᠣᠭᠳᠠ ᠴᠢᠩᠭᠢᠰ ᠦ᠋ᠨ 28 ᠳ᠋ᠤᠭᠠᠷ ᠦᠶ᠎ᠡ ᠶ᠋ᠢᠨ ᠦᠷ᠎ᠡ᠂ ᠶᠡᠬᠡ ᠪᠢᠴᠢᠭ ᠦ᠋ᠨ ᠬᠥᠮᠦᠨ ᠪᠠᠢᠵᠠᠢ᠃ ᠲᠡᠭᠦᠨ ᠦ᠌ ᠠᠮᠢᠳᠤ ᠠᠬᠤᠢ ᠳ᠋ᠤ᠌ ᠵᠣᠬᠢᠶᠠᠯ ᠪᠦᠲᠦᠭᠡᠯ ᠨᠢ ᠬᠡᠪᠯᠡᠭᠳᠡᠭᠡ ᠦᠭᠡᠢ᠂ ᠭᠠᠷ ᠪᠢᠴᠢᠮᠡᠯ ᠢ᠋ᠶ᠋ᠡᠷ ᠦᠯᠡᠳᠡᠭᠰᠡᠨ ᠪᠥᠭᠡᠳ ХХ ᠵᠠᠭᠤᠨ ᠤ᠋ ᠡᠬᠢᠨ ᠦᠶᠡᠰ ᠨᠡᠢᠲᠡ ᠶ᠋ᠢᠨ ᠬᠦᠷᠲᠡᠭᠡᠯ ᠪᠣᠯᠵᠤ ᠡᠬᠢᠯᠡᠭᠰᠡᠨ᠃
ᠲᠡᠷᠢᠭᠦᠯᠡᠭᠴᠢ ᠴᠡᠴᠡᠭ ᠪᠠ ᠬᠣᠣᠰ ᠪᠣᠯᠵᠣᠮᠣᠷ᠂ ᠴᠠᠭᠠᠨ ᠠᠭᠤᠯᠠ᠂ ᠰᠠᠢᠬᠠᠨ ᠬᠠᠷ᠎ᠠ᠂ ᠪᠥᠭᠲᠥᠷ ᠨᠣᠶᠠᠨ᠂ ᠭᠠᠰᠢᠭᠤᠳᠠᠯ ᠵᠡᠷᠭᠡ ᠣᠯᠠᠨ ᠵᠠᠭᠤᠨ ᠰᠢᠯᠦᠭ ᠪᠢᠴᠢᠭᠰᠡᠨ᠃ ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ ᠭᠤᠷᠮᠤᠰᠤᠨ ᠲᠡᠦᠬᠡᠨ ᠷᠣᠮᠠᠨ ᠢ᠋ᠶ᠋ᠠᠷ ᠢ᠋ᠶ᠋ᠠᠨ ᠨᠡᠷ᠎ᠡ ᠳ᠋ᠦ᠍ ᠭᠠᠷᠴᠠᠢ᠃ ᠡᠨᠡᠬᠦ ᠷᠣᠮᠠᠨ ᠤ᠋ ᠡᠬᠢᠨ ᠦ᠌ ᠨᠠᠢ᠍ᠮᠠᠨ ᠪᠦᠯᠦᠭ ᠢ᠋ ᠡᠴᠢᠭᠡ ᠸᠠᠩᠴᠢᠨᠪᠠᠯ ᠨᠢ ᠪᠢᠴᠢᠭᠰᠡᠨ ᠶᠤᠮ᠃ ᠮᠣᠩᠭᠣᠯᠴᠤᠳ ᠤ᠋ᠨ ᠳᠤᠮᠳᠠ ᠬᠢᠲᠠᠳ ᠷᠣᠮᠠᠨ ᠢ᠋ ᠳᠡᠯᠭᠡᠷᠡᠭᠦᠯᠦᠨ ᠬᠥᠭᠵᠢᠭᠦᠯᠬᠦ ᠳ᠋ᠦ᠍ ᠰᠢᠢᠳᠪᠦᠷᠢᠯᠡᠬᠦ ᠨᠥᠯᠥᠭᠡ ᠦᠵᠡᠭᠦᠯᠦᠭᠰᠡᠨ ᠨᠢᠭᠡᠨ ᠪᠣᠯᠬᠤ ᠢᠨᠵᠠᠨᠨᠠᠰᠢ ᠮᠢᠩ ᠤᠯᠤᠰ ᠤ᠋ᠨ ᠦᠶ᠎ᠡ ᠶ᠋ᠢᠨ ᠤᠯᠠᠭᠠᠨ ᠠᠰᠠᠷ ᠤ᠋ᠨ ᠵᠡᠭᠦᠳᠦ ᠬᠡᠮᠡᠬᠦ ᠬᠢᠲᠠᠳ ᠤ᠋ᠨ ᠠᠯᠳᠠᠷᠲᠤ ᠷᠣᠮᠠᠨ ᠳ᠋ᠤ᠌ ᠭᠠᠷᠳᠠᠭ ᠵᠣᠬᠢᠶᠠᠯ ᠤ᠋ᠨ ᠪᠠᠭᠠᠲᠤᠷ ᠤ᠋ᠳ ᠲᠤ᠌ ᠴᠢᠨᠠᠭᠰᠢᠳᠠ ᠪᠠᠨ ᠲᠣᠬᠢᠶᠠᠯᠳᠤᠭᠰᠠᠨ ᠶᠠᠪᠤᠳᠠᠯ ᠤ᠋ᠳ ᠢ᠋ ᠦᠷᠭᠦᠯᠵᠢᠯᠡᠭᠦᠯᠦᠨ ᠨᠢᠭᠡᠨ ᠳᠠᠪᠬᠤᠷ ᠠᠰᠠᠷ᠂ ᠤᠯᠠᠭᠠᠨ ᠢ᠋ᠶ᠋ᠠᠷ ᠤᠬᠢᠯᠠᠬᠤ ᠲᠠᠩᠬᠢᠮ ᠷᠣᠮᠠᠨ ᠨᠤᠭᠤᠳ ᠢ᠋ᠶ᠋ᠠᠨ ᠪᠢᠴᠢᠵᠡᠢ᠃
ᠳᠡᠭᠦᠦ ᠭᠤᠯᠠᠷᠠᠨᠰ ᠨᠢ ᠮᠥᠨ ᠨᠡᠷᠡᠲᠡᠢ ᠢᠷᠠᠭᠤ ᠨᠠᠢᠷᠠᠭᠴᠢ᠂ ᠣᠷᠴᠢᠭᠤᠯᠤᠭᠴᠢ ᠪᠠᠢᠪᠠ᠃

ᠢᠨᠵᠠᠨᠨᠠᠰᠢ ᠶ᠋ᠢᠨ ᠲᠤᠭᠤᠷᠪᠢᠭᠰᠠᠨ 《ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ》 ᠢ᠋ ᠮᠣᠩᠭᠣᠯ ᠤ᠋ᠨ ᠤᠷᠠᠨ ᠵᠣᠬᠢᠶᠠᠯ ᠤ᠋ᠨ ᠲᠡᠦᠬᠡᠨ ᠳ᠋ᠡᠬᠢ ᠠᠩᠬᠠᠨ ᠤ᠋ ᠲᠡᠦᠬᠡᠨ ᠷᠣᠮᠠᠨ ᠭᠡᠵᠦ ᠦᠵᠡᠵᠦ ᠪᠣᠯᠤᠨ᠎ᠠ᠃ ᠲᠡᠷᠡ ᠪᠡᠷ 《ᠨᠢᠭᠡᠨ ᠳᠠᠪᠬᠤᠷ ᠠᠰᠠᠷ》᠂ 《ᠤᠯᠠᠭᠠᠨ᠎ᠠ ᠤᠬᠢᠯᠠᠬᠤ ᠲᠠᠩᠬᠢᠮ》 ᠵᠡᠷᠭᠡ ᠬᠣᠶᠠᠷ ᠴᠤᠪᠤᠷᠠᠯ ᠷᠣᠮᠠᠨ ᠪᠢᠴᠢᠵᠡᠢ᠃
ᠶᠡᠬᠡ ᠵᠣᠬᠢᠶᠠᠯᠴᠢ ᠢᠨᠵᠠᠨᠨᠠᠰᠢ 1837 ᠣᠨ ᠳ᠋ᠤ᠌ ᠥᠪᠥᠷ ᠮᠣᠩᠭᠣᠯ ᠤ᠋ᠨ ᠵᠣᠰᠣᠲᠤ ᠶ᠋ᠢᠨ ᠴᠢᠭᠤᠯᠭᠠᠨ ᠤ᠋ ᠲᠦᠮᠡᠳ ᠪᠠᠷᠠᠭᠤᠨ ᠬᠤᠰᠢᠭᠤᠨ ᠤ᠋ (ᠣᠳᠣ ᠶ᠋ᠢᠨ ᠯᠢᠶᠣᠣᠨᠢᠨ ᠮᠣᠵᠢ ᠶ᠋ᠢᠨ ᠪᠤᠹᠢᠶᠣ ᠰᠢᠨ ᠦ᠌ ᠰᠢ ᠹᠦ ᠰᠢᠩ) 《ᠰᠢᠳᠤᠷᠭᠤ ᠪᠠᠲᠤ ᠬᠣᠷᠣᠭ᠎ᠠ》 ᠶ᠋ᠢᠨ ᠲᠤᠰᠠᠯᠠᠭᠴᠢ ᠲᠠᠢᠵᠢ ᠸᠠᠩᠴᠢᠨᠪᠠᠯ ᠤ᠋ᠨ ᠳᠣᠯᠣᠳᠤᠭᠠᠷ ᠬᠦᠦ ᠪᠣᠯᠤᠨ ᠲᠥᠷᠥᠵᠡᠢ᠃ ᠲᠡᠭᠦᠨ ᠦ᠌ ᠪᠠᠭ᠎ᠠ ᠶ᠋ᠢᠨ ᠨᠡᠷ᠎ᠡ ᠨᠢ ᠬᠠᠰᠴᠢᠯᠠᠭᠤ᠂ ᠬᠢᠲᠠᠳ ᠨᠡᠷ᠎ᠡ ᠨᠢ ᠪᠠᠣ ᠬᠡᠩ ᠰᠢᠨ᠂ ᠡᠷᠭᠦᠭᠰᠡᠨ ᠨᠡᠷ᠎ᠡ ᠶ᠋ᠢ ᠨᠢ ᠷᠦᠨ ᠲᠢᠨ ᠭᠡᠳᠡᠭ ᠪᠠᠢᠵᠠᠢ᠃ ᠵᠣᠰᠣᠲᠤ ᠶ᠋ᠢᠨ ᠴᠢᠭᠤᠯᠭᠠᠨ ᠨᠢ XIX ᠵᠠᠭᠤᠨ ᠤ᠋ ᠦᠶ᠎ᠡ ᠳ᠋ᠦ᠍ ᠥᠪᠥᠷ ᠮᠣᠩᠭᠣᠯ ᠤ᠋ᠨ ᠣᠯᠠᠨ ᠴᠢᠭᠤᠯᠭᠠᠨ ᠨᠤᠭᠤᠳ ᠤ᠋ᠨ ᠳᠣᠲᠣᠷ᠎ᠠ᠂ ᠮᠠᠨᠵᠤ ᠴᠢᠩ ᠤᠯᠤᠰ ᠤ᠋ᠨ ᠨᠡᠢᠰᠯᠡᠯ ᠬᠣᠲᠠ ᠡᠴᠡ ᠬᠠᠮᠤᠭ ᠤ᠋ᠨ ᠣᠢᠷᠠᠯᠴᠠᠭ᠎ᠠ ᠣᠷᠣᠰᠢᠳᠠᠭ ᠮᠥᠷᠲᠡᠭᠡᠨ ᠬᠢᠲᠠᠳ ᠤ᠋ᠨ ᠲᠥᠪ᠂ ᠵᠡᠭᠦᠨ ᠬᠣᠢᠲᠤ ᠨᠤᠲᠤᠭ ᠪᠣᠯᠤᠭᠰᠠᠨ᠂ ᠮᠣᠩᠭᠣᠯ ᠬᠢᠲᠠᠳ ᠢᠷᠭᠡᠳ ᠬᠣᠯᠢᠯᠳᠤᠨ ᠰᠠᠭᠤᠷᠢᠰᠢᠭᠰᠠᠨ ᠭᠠᠵᠠᠷ ᠪᠠᠢᠵᠠᠢ᠃ ᠡᠨᠡ ᠪᠠᠢᠳᠠᠯ ᠵᠣᠰᠣᠲᠤ ᠶ᠋ᠢᠨ ᠴᠢᠭᠤᠯᠭᠠᠨ ᠢ᠋ ᠡᠳ᠋ ᠦ᠋ᠨ ᠵᠠᠰᠠᠭ᠂ ᠰᠣᠶᠣᠯ ᠤ᠋ᠨ ᠲᠠᠯ᠎ᠠ ᠪᠠᠷ ᠳᠣᠲᠣᠷ  ᠭᠠᠵᠠᠷ ᠲᠠᠢ ᠨᠢᠭᠲᠠ ᠬᠠᠷᠢᠯᠴᠠᠭ᠎ᠠ ᠲᠠᠢ ᠪᠣᠯᠭᠠᠵᠤ᠂ ᠲᠦᠮᠡᠳ ᠮᠣᠩᠭᠣᠯᠴᠤᠳ ᠤ᠋ᠨ ᠳᠤᠮᠳᠠ ᠬᠢᠲᠠᠳ ᠤ᠋ᠨ ᠰᠣᠶᠣᠯ ᠪᠣᠯᠵᠤ᠂ ᠠᠮᠢᠳᠤᠷᠠᠯ ᠤ᠋ᠨ ᠬᠡᠪ ᠵᠠᠭᠪᠤᠷ ᠨᠡᠪᠲᠡᠷᠡᠬᠦ ᠨᠥᠬᠥᠴᠡᠯ ᠢ᠋ ᠪᠦᠷᠢᠳᠦᠭᠦᠯᠵᠦ᠂ ᠬᠤᠷᠳᠤᠨ ᠬᠢᠲᠠᠳᠴᠢᠯᠠᠭᠳᠠᠬᠤ ᠡᠭᠦᠳᠡ ᠬᠠᠭᠠᠯᠭ᠎ᠠ ᠶ᠋ᠢ ᠨᠡᠭᠡᠭᠡᠵᠦ ᠥᠭᠭᠦᠭᠰᠡᠨ ᠠᠵᠢ᠃
ᠢᠨᠵᠠᠨᠨᠠᠰᠢ ᠶ᠋ᠢᠨ ᠡᠴᠢᠭᠡ ᠸᠠᠩᠴᠢᠨᠪᠠᠯ ᠥᠨᠳᠥᠷ ᠪᠣᠯᠪᠠᠰᠤᠷᠠᠯ ᠲᠠᠢ᠂ ᠤᠭᠰᠠᠭ᠎ᠠ ᠢᠵᠠᠭᠤᠷ ᠲᠠᠢ ᠲᠠᠢᠵᠢ ᠬᠥᠮᠦᠨ ᠪᠠᠢᠭᠰᠠᠨ ᠪᠠ ᠮᠣᠩᠭᠣᠯ᠂ ᠬᠢᠲᠠᠳ᠂ ᠲᠥᠪᠡᠳ᠂ ᠮᠠᠨᠵᠤ ᠵᠡᠷᠭᠡ ᠣᠯᠠᠨ ᠬᠡᠯᠡᠨ ᠦ᠌ ᠨᠣᠮ ᠰᠤᠳᠤᠷ ᠴᠤᠭᠯᠠᠭᠤᠯᠤᠨ ᠬᠠᠳᠠᠭᠠᠯᠠᠵᠤ᠂ ᠲᠡᠦᠬᠡ ᠱᠠᠰᠲᠢᠷ ᠰᠤᠳᠤᠯᠤᠨ ᠰᠢᠯᠦᠭ ᠵᠣᠬᠢᠶᠠᠯ ᠲᠤᠭᠤᠷᠪᠢᠵᠤ ᠪᠠᠢᠭᠰᠠᠨ ᠪᠣᠯᠬᠣᠷ ᠪᠠᠭ᠎ᠠ ᠠ᠋ᠴᠠ ᠪᠠᠨ ᠤᠬᠠᠭᠠᠨ ᠰᠡᠷᠭᠦᠯᠡᠩ ᠢᠨᠵᠠᠨᠨᠠᠰᠢ ᠶ᠋ᠢᠨ ᠤᠷᠠᠨ ᠪᠦᠲᠦᠭᠡᠯ ᠵᠣᠬᠢᠶᠠᠨ ᠲᠤᠭᠤᠷᠪᠢᠬᠤ ᠳ᠋ᠤ᠌ ᠡᠨᠡ ᠨᠢ ᠠᠰᠤᠷᠤ ᠶᠡᠬᠡ ᠨᠥᠯᠥᠭᠡᠯᠡᠭᠰᠡᠨ ᠪᠠᠢᠨ᠎ᠠ᠃ ᠢᠨᠵᠠᠨᠨᠠᠰᠢ ᠮᠣᠩᠭᠣᠯ᠂ ᠬᠢᠲᠠᠳ᠂ ᠲᠥᠪᠡᠳ᠂ ᠮᠠᠨᠵᠤ ᠬᠡᠯᠡ ᠶ᠋ᠢ ᠨᠡᠪᠲᠡᠷᠬᠡᠢ ᠰᠤᠷᠴᠤ᠂ ᠠᠷᠪᠠᠭᠠᠳ ᠨᠠᠰᠤᠨ ᠠ᠋ᠴᠠ ᠪᠠᠨ ᠰᠢᠯᠦᠭ᠂ ᠳᠠᠭᠤᠤ ᠪᠢᠴᠢᠵᠦ᠂ ᠪᠠᠰᠠ ᠲᠡᠭᠦᠨ ᠳ᠋ᠡᠭᠡᠨ ᠵᠣᠷᠢᠭᠤᠯᠤᠨ ᠵᠢᠷᠤᠭ ᠵᠢᠷᠤᠨ ᠬᠠᠪᠰᠤᠷᠭᠠᠵᠤ ᠪᠠᠢᠭᠰᠠᠨ ᠪᠥᠭᠡᠳ ᠬᠣᠷᠢᠨ ᠬᠡᠳᠦᠨ ᠨᠠᠰᠤᠨ ᠠ᠋ᠴᠠ ᠪᠠᠨ ᠮᠣᠷᠢᠨ ᠬᠤᠭᠤᠷ ᠤ᠋ᠨ ᠦᠯᠢᠭᠡᠷ ᠲᠤᠤᠯᠢ ᠳᠠᠭᠤᠷᠢᠶᠠᠯᠭᠠᠨ ᠵᠣᠬᠢᠶᠠᠵᠤ᠂ ᠬᠠᠷᠢ ᠬᠡᠯᠡᠨ ᠡᠴᠡ ᠨᠣᠮ ᠰᠤᠳᠤᠷ ᠣᠷᠴᠢᠭᠤᠯᠬᠤ ᠠᠵᠢᠯ ᠬᠢᠵᠦ᠂ ᠤᠳᠬ᠎ᠠ ᠵᠣᠬᠢᠶᠠᠯ᠂ ᠲᠡᠦᠬᠡ ᠱᠠᠰᠲᠢᠷ᠂ ᠰᠢᠯᠦᠭ ᠨᠠᠢᠷᠠᠭ ᠤ᠋ᠨ ᠲᠠᠯ᠎ᠠ ᠪᠠᠷ ᠣᠨᠣᠯ ᠤ᠋ᠨ ᠰᠢᠨᠵᠢ ᠴᠢᠨᠠᠷᠲᠠᠢ ᠥᠭᠦᠯᠡᠯ ᠢ᠋ ᠮᠣᠩᠭᠣᠯ ᠢ᠋ᠶ᠋ᠠᠷ ᠲᠤᠭᠤᠷᠪᠢᠵᠤ᠂ ᠤᠷᠠᠨ ᠪᠦᠲᠦᠭᠡᠯ ᠢ᠋ᠶ᠋ᠡᠨ ᠡᠬᠢᠯᠡᠭᠰᠡᠨ ᠪᠠᠢᠨ᠎ᠠ᠃ 《ᠴᠠᠭᠠᠨ ᠡᠭᠦᠯᠡ》᠂ 《ᠬᠥᠬᠡ ᠬᠠᠳᠠ》 ᠵᠡᠷᠭᠡ ᠰᠢᠯᠦᠭ ᠨᠢ ᠲᠡᠭᠦᠨ ᠦ᠌ ᠵᠠᠯᠠᠭᠤ ᠦᠶ᠎ᠡ ᠶ᠋ᠢᠨ ᠲᠥᠯᠥᠭᠡᠯᠡᠬᠦ ᠴᠢᠨᠠᠷᠲᠠᠢ ᠢᠷᠠᠭᠤ ᠨᠠᠢᠷᠠᠭ ᠤ᠋ᠨ ᠪᠦᠲᠦᠭᠡᠯ ᠨᠢ ᠪᠣᠯᠤᠨ᠎ᠠ᠃ ᠢᠨᠵᠠᠨᠨᠠᠰᠢ ᠪᠠᠰᠠ ᠵᠠᠯᠠᠭᠤ ᠨᠠᠰᠤᠨ ᠤ᠋ ᠪᠠᠨ ᠠᠮᠢᠳᠤᠷᠠᠯ ᠡᠴᠡ ᠰᠡᠳᠦᠪᠯᠡᠵᠦ᠂ 《ᠤᠯᠠᠭᠠᠨ ᠥᠩᠭᠡᠲᠡᠨ ᠦ᠌ ᠨᠢᠯᠪᠤᠰᠤ》 ᠭᠡᠳᠡᠭ ᠵᠣᠬᠢᠶᠠᠯ ᠪᠢᠴᠢᠵᠡᠢ᠃

ᠶᠡᠬᠡ ᠵᠣᠬᠢᠶᠠᠯᠴᠢ ᠢᠨᠵᠠᠨᠨᠠᠰᠢ 《ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ》᠂ 《ᠨᠢᠭᠡᠨ ᠳᠠᠪᠬᠤᠷ ᠠᠰᠠᠷ》᠂ 《ᠤᠯᠠᠭᠠᠨ᠎ᠠ ᠤᠬᠢᠯᠠᠬᠤ ᠲᠠᠩᠬᠢᠮ》 ᠷᠣᠮᠠᠨ ᠢ᠋ᠶ᠋ᠠᠨ ᠪᠢᠴᠢᠬᠦ ᠳ᠋ᠡᠭᠡᠨ ᠮᠣᠩᠭᠣᠯ ᠦᠨᠳᠦᠰᠦᠲᠡᠨ ᠦ᠌ ᠪᠡᠨ ᠤᠷᠠᠨ ᠵᠣᠬᠢᠶᠠᠯ ᠪᠣᠯᠬᠤ ᠤᠷᠠᠨ ᠳᠣᠮᠣᠭ᠂ ᠲᠡᠦᠬᠡᠨ ᠦᠯᠢᠭᠡᠷ᠂ ᠠᠷᠠᠳ ᠤ᠋ᠨ ᠳᠠᠭᠤᠤ᠂ ᠢᠷᠦᠭᠡᠯ ᠮᠠᠭᠲᠠᠭᠠᠯ ᠵᠡᠷᠭᠡ ᠤᠯᠠᠮᠵᠢᠯᠠᠯ ᠢ᠋ ᠥᠪᠯᠡᠨ ᠠᠪᠤᠭᠰᠠᠨ ᠦᠨᠳᠦᠰᠦᠨ ᠳᠡᠭᠡᠷ᠎ᠡ ᠬᠢᠲᠠᠳ ᠦᠨᠳᠦᠰᠦᠲᠡᠨ ᠦ᠌ ᠡᠷᠲᠡᠨ ᠦ᠌ ᠰᠣᠩᠭᠣᠳᠠᠭ ᠤᠷᠠᠨ ᠵᠣᠬᠢᠶᠠᠯ ᠲᠤᠬᠠᠢᠯᠠᠪᠠᠯ 《ᠭᠤᠷᠪᠠᠨ ᠤᠯᠤᠰ ᠤ᠋ᠨ ᠦᠯᠢᠭᠡᠷ》᠂ 《ᠬᠦᠢᠲᠡᠨ ᠠᠭᠤᠯᠠ ᠶ᠋ᠢᠨ ᠪᠢᠴᠢᠭ》᠂ 《ᠪᠠᠷᠠᠭᠤᠨᠰᠢ ᠵᠣᠷᠴᠢᠭᠰᠠᠨ ᠦᠯᠢᠭᠡᠷ》 ᠷᠣᠮᠠᠨ ᠨᠤᠭᠤᠳ ᠤ᠋ᠨ ᠦᠵᠡᠯ ᠰᠠᠨᠠᠭ᠎ᠠ᠂ ᠪᠦᠲᠦᠴᠡ ᠵᠣᠬᠢᠶᠠᠮᠵᠢ᠂ ᠵᠣᠬᠢᠶᠠᠨ ᠪᠦᠲᠦᠭᠡᠬᠦ ᠠᠷᠭ᠎ᠠ ᠪᠠᠷᠢᠯ ᠤ᠋ᠨ ᠰᠤᠷ ᠰᠣᠳᠣᠨ ᠵᠦᠢᠯᠡᠰ ᠡᠴᠡ ᠰᠤᠷᠤᠯᠴᠠᠨ ᠠᠪᠴᠤ ᠠᠰᠢᠭᠯᠠᠭᠰᠠᠨ ᠣᠨᠴᠠᠯᠢᠭ ᠲᠠᠢ ᠶᠤᠮ ᠰᠢᠭ᠋ ᠬᠠᠷᠠᠭᠳᠠᠳᠠᠭ᠃

ᠡᠴᠢᠭᠡ ᠸᠠᠩᠴᠢᠨᠪᠠᠯ ᠨᠢ 《ᠶᠡᠬᠡ ᠶᠤᠸᠠᠨ ᠤᠯᠤᠰ ᠤ᠋ᠨ ᠮᠠᠨᠳᠤᠭᠰᠠᠨ ᠲᠥᠷᠥ ᠶ᠋ᠢᠨ ᠬᠥᠬᠡ ᠰᠤᠳᠤᠷ》 ᠢ᠋ ᠡᠬᠢᠯᠡᠭᠦᠯᠦᠨ ᠪᠢᠴᠢᠵᠦ 8 ᠪᠦᠯᠦᠭ ᠲᠤᠭᠤᠷᠪᠢᠭᠰᠠᠨ ᠢ᠋ ᠢᠨᠵᠠᠨᠨᠠᠰᠢ ᠬᠣᠵᠢᠮ ᠨᠢ ᠦᠷᠭᠦᠯᠵᠢᠯᠡᠭᠦᠯᠦᠨ ᠪᠢᠴᠢᠵᠦ 69 ᠪᠦᠯᠦᠭ ᠪᠣᠯᠭᠠᠵᠠᠢ᠃ 《ᠬᠥᠬᠡ ᠰᠤᠳᠤᠷ》 ᠲᠤ᠌ 《ᠠᠯᠲᠠᠨ ᠲᠣᠪᠴᠢ》᠂ 《ᠶᠡᠬᠡ ᠶᠤᠸᠠᠨ ᠤᠯᠤᠰ ᠤ᠋ᠨ ᠨᠢᠭᠤᠴᠠ ᠰᠤᠳᠤᠷ》 ᠵᠡᠷᠭᠡ ᠮᠣᠩᠭᠣᠯ ᠢ᠋ᠶ᠋ᠠᠷ ᠪᠢᠴᠢᠭᠳᠡᠭᠰᠡᠨ ᠲᠡᠦᠬᠡ ᠶ᠋ᠢᠨ ᠰᠤᠷᠪᠤᠯᠵᠢ ᠪᠢᠴᠢᠭ ᠦ᠋ᠳ ᠡᠴᠡ ᠭᠠᠳᠠᠨ᠎ᠠ ᠪᠠᠰᠠ 《ᠶᠤᠸᠠᠨ ᠤᠯᠤᠰ ᠤ᠋ᠨ ᠲᠡᠦᠬᠡ》᠂ 《ᠲᠤᠩ ᠴᠢ ᠴᠢᠨ ᠭᠠᠨ ᠮᠤ ᠪᠢᠴᠢᠭ》 ᠵᠡᠷᠭᠡ ᠬᠢᠲᠠᠳ ᠢ᠋ᠶ᠋ᠠᠷ ᠪᠢᠴᠢᠭᠳᠡᠭᠰᠡᠨ ᠮᠣᠩᠭᠣᠯ ᠤ᠋ᠨ ᠲᠡᠦᠬᠡ ᠲᠡᠢ ᠬᠣᠯᠪᠣᠭᠠᠲᠠᠢ ᠣᠯᠠᠨ ᠨᠣᠮ ᠰᠤᠳᠤᠷ ᠢ᠋ ᠠᠰᠢᠭᠯᠠᠭᠰᠠᠨ ᠪᠠᠢᠨ᠎ᠠ᠃ ᠤᠭ ᠷᠣᠮᠠᠨ ᠳ᠋ᠤ᠌ ᠭᠣᠣᠯᠴᠠᠭᠤ XIII ᠵᠠᠭᠤᠨ ᠤ᠋ ᠦᠶ᠎ᠡ ᠶ᠋ᠢᠨ ᠮᠣᠩᠭᠣᠯ ᠤ᠋ᠨ ᠲᠡᠦᠬᠡᠨ ᠳ᠋ᠦ᠍ ᠦᠨᠳᠦᠰᠦᠯᠡᠨ ᠴᠢᠩᠭᠢᠰ ᠬᠠᠭᠠᠨ ᠤ᠋ ᠣᠯᠠᠨ ᠤᠯᠤᠰ᠂ ᠠᠢᠮᠠᠭ ᠢ᠋ ᠨᠢᠭᠡᠳᠬᠡᠵᠦ ᠬᠠᠭᠠᠨ ᠲᠥᠷᠥ ᠶ᠋ᠢ ᠲᠣᠭᠲᠠᠭᠠᠭᠰᠠᠨ ᠡᠴᠡ ᠥᠭᠡᠳᠡᠢ ᠬᠠᠭᠠᠨ ᠤ᠋ ᠦᠶ᠎ᠡ ᠬᠦᠷᠲᠡᠯᠡᠬᠢ ᠦᠢᠯᠡ ᠶᠠᠪᠤᠳᠠᠯ ᠢ᠋ ᠤᠷᠠᠨ ᠰᠠᠢᠬᠠᠨ ᠤ᠋ ᠠᠷᠭ᠎ᠠ ᠪᠠᠷ ᠴᠢᠮᠡᠭᠯᠡᠨ ᠥᠭᠦᠯᠡᠭᠰᠡᠨ ᠪᠠᠢᠨ᠎ᠠ᠃
ᠡᠢᠮᠦᠷᠬᠦ ᠨᠦᠰᠡᠷ ᠶᠡᠬᠡ ᠵᠣᠬᠢᠶᠠᠨ ᠪᠦᠲᠦᠭᠡᠬᠦ ᠠᠵᠢᠯ ᠢ᠋ᠶ᠋ᠠᠨ ᠬᠡᠷᠬᠢᠨ ᠭᠦᠢᠴᠡᠳᠬᠡᠭᠰᠡᠨ ᠪᠠᠢᠳᠠᠯ ᠢ᠋ᠶ᠋ᠠᠨ ᠢᠨᠵᠠᠨᠨᠠᠰᠢ᠄ 《-ᠤᠨᠲᠠᠬᠤ ᠨᠣᠢᠷ ᠢᠳᠡᠬᠦ ᠬᠣᠭᠣᠯᠠ ᠦᠭᠡᠢ ᠪᠡᠷ ᠡᠳᠦᠷ ᠰᠥᠨᠢ ᠵᠠᠯᠭᠠᠯᠳᠤᠨ ᠮᠤᠩᠬᠠᠭ ᠣᠶᠤᠨ ᠤ᠋ ᠬᠢᠷᠢ ᠪᠡᠷ ᠴᠢᠩ ᠦᠨᠡᠨ ᠢ᠋ᠶ᠋ᠡᠷ ᠠᠷᠪᠠᠨ ᠠᠩᠭᠢ ᠰᠤᠳᠤᠷ ᠤ᠋ᠳ ᠢ᠋ ᠠᠩᠬᠠᠷᠤᠨ ᠨᠡᠢᠴᠡᠭᠦᠯᠵᠦ ᠬᠣᠣᠰᠯᠠᠭᠤᠯᠤᠨ ᠡᠷᠢᠭᠰᠡᠭᠡᠷ ᠠᠷᠠᠢ ᠡᠰᠡ ᠠᠯᠮᠠᠢᠲᠤᠨ ᠰᠣᠯᠢᠭᠤᠷᠠᠪᠠ…》 ᠭᠡᠮᠡᠨ ᠲᠡᠮᠳᠡᠭᠯᠡᠭᠳᠡᠭᠰᠡᠨ ᠪᠠᠢᠨ᠎ᠠ᠃