ᠬᠤᠨ ᠬᠣᠷᠣᠰᠤХун хоросу ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠨ ᠬᠣᠷᠣᠰᠤХун хоросу

ᠬᠤᠨ ᠬᠣᠷᠣᠰᠤХун хоросу

2024-11-15

341

ᠬᠤᠨ ᠬᠣᠷᠣᠰᠤ

   ᠲᠤᠰ ᠡᠮ ᠪᠣᠯ ᠬᠠᠰᠢ ᠶ᠋ᠢᠨ ᠢᠵᠠᠭᠤᠷ ᠤ᠋ᠨ ᠤᠷᠭᠤᠮᠠᠯ ᠪᠣᠯᠬᠤ ᠬᠤᠨ ᠬᠤᠷᠤᠰᠤ ᠶ᠋ᠢᠨ ᠪᠦᠬᠦᠯᠢ ᠡᠪᠡᠰᠦ ᠪᠤᠶᠤ ᠦᠨᠳᠦᠰᠦ᠂ ᠦᠨᠳᠦᠰᠦᠯᠢᠭ ᠡᠰᠢ ᠮᠥᠨ᠃ ᠪᠠᠰᠠ  ᠴᠠᠭᠠᠨ ᠲᠠᠩᠫᠤᠷᠤᠮ ᠫᠠᠨᠪᠠᠭᠥ᠋ᠨᠳᠡᠨ᠂ᠴᠢᠮᠡᠳᠰᠡᠷᠢᠨᠰᠧᠯ ᠭᠡᠳᠡᠭ᠃
   [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠂30—50cm ᠥᠨᠳᠥᠷ᠃ ᠦᠨᠳᠦᠰᠦ ᠨᠢ ᠲᠤᠷᠤᠭ ᠪᠦᠳᠦᠭᠦᠨ᠂ ᠬᠠᠯᠢᠰᠤ ᠨᠢ ᠬᠦᠷᠡᠩ᠂ ᠡᠰᠢ ᠨᠢ ᠰᠢᠯᠤᠭᠤᠨ᠂ ᠤᠷᠲᠤ ᠵᠥᠭᠡᠯᠡᠨ ᠦᠰᠦ ᠲᠡᠢ᠃ ᠨᠠᠪᠴᠢ ᠨᠢ ᠴᠢᠭᠲᠠᠯᠠᠨ ᠤᠷᠭᠤᠨ᠎ᠠ᠃ ᠨᠠᠪᠴᠢᠨ ᠪᠠᠷᠢᠭᠤᠯ ᠨᠢ2—6cm ᠤᠷᠲᠤ᠂ ᠤᠷᠲᠤ ᠵᠥᠭᠡᠯᠡᠨ ᠦᠰᠦ ᠲᠡᠢ᠂ ᠨᠠᠪᠴᠢᠨ ᠢᠯᠲᠠᠰᠤ ᠨᠢ ᠥᠷᠭᠡᠨ ᠥᠨᠳᠡᠭᠡᠯᠵᠢᠨ ᠪᠤᠶᠤ ᠭᠤᠷᠪᠠᠯᠵᠢᠨ ᠰᠢᠭ᠋ ᠥᠨᠳᠡᠭᠡᠯᠵᠢᠨ ᠬᠡᠯᠪᠡᠷᠢ ᠲᠡᠢ᠂3—9cmᠤᠷᠲᠤ᠂2.5—6cmᠥᠷᠭᠡᠨ᠂ ᠱᠤᠪᠲᠤᠭᠠᠷ ᠦᠵᠦᠭᠦᠷ ᠲᠡᠢ᠂ ᠥᠷᠭᠡᠨ ᠱᠠᠭᠠᠨᠲᠠᠭ ᠪᠤᠶᠤ ᠵᠢᠷᠦᠬᠡᠨ ᠬᠡᠯᠪᠡᠷᠢᠲᠦ ᠤᠭ ᠲᠠᠢ ᠮᠥᠷᠲᠡᠭᠡᠨ ᠨᠠᠪᠴᠢᠨ ᠪᠠᠷᠢᠭᠤᠯ ᠢ᠋ᠶ᠋ᠠᠨ ᠳᠠᠭᠠᠵᠤ ᠳᠣᠷᠣᠭᠰᠢ ᠰᠤᠨᠤᠨ᠎ᠠ᠃ ᠪᠦᠲᠦᠨ ᠪᠤᠶᠤ ᠭᠦᠢᠬᠡᠨ ᠳᠣᠯᠭᠢᠶᠠᠯᠢᠭ ᠬᠥᠪᠡᠭᠡ ᠲᠡᠢ᠃ ᠲᠡᠭᠰᠢ ᠣᠷᠣᠢᠲᠤ ᠴᠣᠮᠬᠠᠨ ᠪᠠᠭ ᠴᠡᠴᠡᠭ ᠨᠢ ᠮᠥᠴᠢᠷ ᠦ᠋ᠨ ᠣᠷᠣᠢ ᠳ᠋ᠤ᠌ ᠳᠡᠯᠭᠡᠷᠡᠨ᠎ᠡ᠃ ᠬᠡᠳᠦ ᠡᠴᠡ ᠠᠷᠪᠠᠨ ᠬᠡᠳᠦ ᠬᠦᠢᠰ ᠴᠡᠴᠡᠭ ᠲᠡᠢ᠂ ᠴᠡᠴᠡᠭ ᠨᠢ ᠬᠥᠬᠡᠪᠲᠦᠷ ᠪᠣᠷᠣ ᠥᠩᠭᠡ ᠲᠡᠢ᠃ ᠵᠢᠵᠢᠭ ᠴᠡᠴᠡᠭ ᠦ᠋ᠨ ᠪᠠᠷᠢᠭᠤᠯ ᠨᠢ ᠨᠠᠷᠢᠨ᠂5—10mm ᠤᠷᠲᠤ᠂ ᠢᠭᠴᠤ ᠤᠷᠲᠤ ᠵᠥᠭᠡᠯᠡᠨ ᠦᠰᠦ ᠲᠡᠢ᠃ ᠴᠡᠴᠡᠭ ᠦ᠋ᠨ ᠲᠣᠭᠳᠣᠢ ᠨᠢ ᠬᠤᠩᠬ᠎ᠠ ᠬᠡᠯᠪᠡᠷᠢ ᠲᠡᠢ᠂ 8mm ᠣᠷᠴᠢᠮ ᠤᠷᠲᠤ᠂ 5 ᠬᠡᠷᠴᠢᠶᠡᠰᠦ ᠣᠨᠢ ᠲᠠᠢ᠂ ᠵᠥᠭᠡᠯᠡᠨ ᠦᠰᠦ ᠲᠡᠢ᠂ ᠴᠡᠴᠡᠭᠯᠡᠭᠰᠡᠨ ᠦ᠌ ᠰᠡᠭᠦᠯᠡᠷ ᠴᠡᠴᠡᠭ ᠦ᠋ᠨ ᠲᠣᠭᠳᠣᠢ ᠨᠢ ᠲᠣᠮᠣᠷᠠᠵᠤ ᠪᠥᠮᠪᠥᠭᠡ ᠪᠤᠶᠤ ᠥᠷᠭᠡᠨ ᠥᠨᠳᠡᠭᠡᠯᠵᠢᠨ ᠳᠡᠪᠦᠷ᠎ᠡ ᠬᠡᠯᠪᠡᠷᠢ ᠲᠡᠢ ᠪᠣᠯᠳᠠᠭ᠂ ᠤᠷᠲᠤ ᠨᠢ2—3.5cm ᠬᠦᠷᠳᠡᠭ᠃ ᠴᠡᠴᠡᠭ ᠦ᠋ᠨ ᠬᠡᠯᠲᠡᠰ ᠨᠢ ᠬᠤᠩᠬ᠎ᠠ ᠬᠡᠯᠪᠡᠷᠢ ᠲᠡᠢ᠂ ᠬᠣᠭᠣᠯᠠᠢ ᠨᠢ1—2cm ᠤᠷᠲᠤ᠂ ᠰᠡᠵᠢᠭᠦᠷ ᠢᠯᠲᠠᠰᠤ ᠨᠢ ᠤᠷᠲᠤᠯᠵᠢᠨ ᠲᠣᠭᠣᠷᠢᠭ ᠬᠡᠯᠪᠡᠷᠢ ᠲᠡᠢ᠂ 1cm ᠤᠷᠲᠤ᠂5 ᠡᠷ᠎ᠡ ᠲᠣᠭᠣᠷᠴᠣᠭ ᠲᠠᠢ᠂ ᠳᠣᠬᠢᠭᠤᠷ ᠨᠢ1cm ᠣᠷᠴᠢᠮ ᠤᠷᠲᠤ᠂ ᠴᠡᠴᠡᠭ ᠦ᠋ᠨ ᠳᠡᠯᠪᠢ ᠶ᠋ᠢᠨ ᠬᠣᠭᠣᠯᠠᠢ ᠳᠣᠲᠣᠷ᠎ᠠ ᠨᠠᠭᠠᠯᠳᠤᠵᠤ ᠪᠣᠢ᠃ ᠡᠮ᠎ᠡ ᠲᠣᠭᠣᠷᠴᠣᠭ ᠨᠢ2cm ᠣᠷᠴᠢᠮ ᠤᠷᠲᠤ᠂ ᠴᠡᠴᠡᠭ ᠦ᠋ᠨ ᠳᠡᠯᠪᠢ ᠲᠡᠢ ᠪᠡᠨ ᠲᠡᠩᠴᠡᠭᠦᠦ ᠤᠷᠲᠤ ᠪᠤᠶᠤ ᠴᠡᠴᠡᠭ ᠦ᠋ᠨ ᠳᠡᠯᠪᠢ ᠡᠴᠡ ᠪᠡᠨ ᠵᠢᠭᠠᠬᠠᠨ ᠪᠣᠭᠣᠨᠢ᠃ ᠭᠤᠷᠪᠠᠯᠵᠢᠨ ᠰᠢᠭ᠋ ᠥᠨᠳᠡᠭᠡᠯᠵᠢᠨ ᠬᠡᠯᠪᠡᠷᠢᠲᠦ ᠤᠮᠠᠢ ᠲᠠᠢ᠃ ᠬᠣᠩᠭᠣᠷᠴᠣᠭᠲᠤ ᠵᠢᠮᠢᠰ ᠨᠢ ᠮᠥᠩᠬᠡ ᠣᠷᠣᠰᠢᠬᠤ ᠴᠡᠴᠡᠭ ᠦ᠋ᠨ ᠲᠣᠭᠳᠣᠢ ᠳᠣᠲᠣᠷ᠎ᠠ ᠨᠢᠭᠤᠭᠳᠠᠵᠤ ᠪᠣᠢ᠃4—5 ᠳ᠋ᠤᠭᠠᠷ ᠰᠠᠷ᠎ᠠ ᠳ᠋ᠤ᠌ ᠴᠡᠴᠡᠭᠯᠡᠵᠦ᠂6—7 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠠᠭᠤᠯᠠᠨ ᠬᠠᠵᠠᠭᠤ ᠶ᠋ᠢᠨ ᠪᠡᠯᠴᠢᠭᠡᠷ᠂ ᠣᠢ ᠶ᠋ᠢᠨ ᠬᠥᠪᠡᠭᠡ ᠪᠤᠶᠤ ᠠᠭᠤᠯᠠᠨ ᠭᠣᠣ ᠶ᠋ᠢᠨ ᠬᠠᠳᠠ ᠴᠢᠯᠠᠭᠤᠨ ᠳᠣᠣᠷᠠᠬᠢ ᠰᠡᠭᠦᠳᠡᠷᠯᠢᠭ ᠭᠠᠵᠠᠷ ᠲᠤ᠌ ᠤᠷᠭᠤᠨ᠎ᠠ᠃ ᠬᠠᠷᠠᠮᠦ᠋ᠷᠡᠨ᠂ ᠥᠪᠥᠷ ᠮᠣᠩᠭᠣᠯ᠂ ᠾᠧᠪᠧᠢ᠂ ᠰᠢᠨᠵᠢᠶᠠᠩ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠵᠤᠨ ᠤ᠋ ᠡᠬᠢᠨ ᠳ᠋ᠦ᠍ ᠤᠷᠭᠤᠮᠠᠯ ᠥᠷᠨᠢᠭᠦᠨ ᠤᠷᠭᠤᠭᠰᠠᠨ ᠦᠶᠡᠰ ᠪᠦᠬᠦᠯᠢ ᠡᠪᠡᠰᠦ ᠶ᠋ᠢ ᠲᠡᠭᠦᠵᠦ ᠠᠷᠢᠯᠭᠠᠨ ᠴᠡᠪᠡᠷᠯᠡᠭᠡᠳ ᠰᠡᠭᠦᠳᠡᠷ ᠲᠦ᠍ ᠬᠠᠲᠠᠭᠠᠨ᠎ᠠ᠃ ᠨᠠᠮᠤᠷ ᠬᠥᠷᠥᠰᠥᠨ ᠳᠡᠭᠡᠷᠡᠬᠢ ᠬᠡᠰᠡᠭ ᠨᠢ ᠬᠤᠪᠠᠬᠠᠢᠷᠠᠬᠤ ᠦᠶᠡᠰ ᠦᠨᠳᠦᠰᠦ ᠪᠠ ᠦᠨᠳᠦᠰᠦᠯᠢᠭ ᠡᠰᠢ ᠶ᠋ᠢ ᠨᠢ ᠮᠠᠯᠲᠠᠨ ᠠᠪᠴᠤ ᠰᠢᠪᠡᠷ ᠰᠢᠷᠣᠢ ᠶ᠋ᠢ ᠨᠢ ᠠᠷᠢᠯᠭᠠᠭᠠᠳ ᠬᠡᠷᠴᠢᠮᠯᠡᠵᠦ᠂ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ᠃ ᠰᠡᠷᠢᠭᠦᠨ ᠴᠢᠨᠠᠷ ᠲᠠᠢ᠃ ᠰᠢᠷᠦᠭᠦᠨ᠂ ᠬᠦᠯᠪᠡᠷᠢᠭᠦᠨ᠂ ᠬᠠᠭᠤᠷᠠᠢ᠂ ᠲᠣᠰᠣᠯᠢᠭ ᠡᠷᠳᠡᠮ ᠲᠡᠢ᠃ ᠬᠣᠣᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠨᠢᠶᠠᠨ ᠢ᠋ ᠨᠢᠲᠤᠯᠬᠤ᠂ ᠬᠠᠪᠤᠳᠠᠷ ᠢ᠋ ᠬᠠᠷᠢᠭᠤᠯᠬᠤ᠂ ᠬᠣᠷᠣᠬᠠᠢ ᠶ᠋ᠢ ᠠᠯᠠᠬᠤ᠂ ᠡᠪᠡᠳᠬᠦ ᠶ᠋ᠢ ᠨᠠᠮᠳᠠᠭᠤᠯᠬᠤ᠂ ᠬᠦᠴᠦᠵᠢᠭᠦᠯᠬᠦ ᠴᠢᠳᠠᠯ ᠲᠠᠢ᠃ ᠭᠣᠣᠯᠳᠠᠭᠤ ᠰᠠᠬᠤᠤ ᠪᠣᠭᠣᠮ᠎ᠠ᠂ ᠶᠠᠮ᠎ᠠ᠂ ᠲᠠᠷᠢᠬᠢᠨ ᠬᠠᠳᠬᠤᠯᠭ᠎ᠠ᠂ ᠬᠣᠳᠣᠭᠣᠳᠣᠨ ᠤ᠋ ᠨᠢᠶᠠᠨ ᠴᠢᠭᠢᠬ᠎ᠠ᠂ ᠰᠢᠳᠦ ᠡᠪᠡᠳᠬᠦ᠂ ᠬᠣᠷᠣᠬᠠᠢᠲᠤ ᠡᠪᠡᠳᠴᠢᠨ᠂ ᠡᠷ᠎ᠡ ᠪᠡᠯᠭᠡ ᠰᠤᠯᠠᠷᠠᠭᠰᠠᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
   [ ᠠᠩᠬᠠᠷᠤᠯ] ᠴᠡᠩᠬᠡᠷ ᠬᠠᠷᠠᠩ ᠲᠠᠢ ᠡᠪᠡᠳᠴᠢᠲᠡᠨ ᠪᠣᠯᠤᠨ ᠵᠢᠷᠮᠦᠰᠦᠨ ᠡᠮᠡᠭᠲᠡᠢ ᠳ᠋ᠦ᠍ ᠴᠡᠭᠡᠷᠯᠡᠨ᠎ᠡ᠃

   ᠬᠢᠲᠠᠳ ᠨᠡᠷ᠎ᠡ᠄ 泡囊草
   ᠠᠩᠭ᠌ᠯᠢ ᠨᠡᠷ᠎ᠡ᠄ PhysochLaina physaLOidec(L) C.Don.

   ᠦᠰᠦᠭ ᠠᠮᠢᠯᠠᠭᠤᠯᠤᠭᠴᠢ᠄ ᠲᠤᠶᠠᠭ᠎ᠠ
   ᠬᠢᠨᠠᠭᠴᠢ᠄ ᠣᠳᠣᠨᠲᠤᠶᠠᠭ᠎ᠠ