ᠡᠬᠡ ᠬᠡᠯᠡ ᠎ᠪᠠᠨ ᠠᠪᠤᠷᠠᠬᠤ ᠶᠢᠨ ᠲᠥᠯᠥᠭᠡ ᠠᠢᠰᠯᠠᠨᠳ᠋ ᠤᠨ ᠬᠥᠮᠥᠰ ᠶᠠᠭᠤ ᠬᠢᠪᠡЭх хэлээ аврах ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠬᠡᠯᠡ ᠎ᠪᠠᠨ ᠠᠪᠤᠷᠠᠬᠤ ᠶᠢᠨ ᠲᠥᠯᠥᠭᠡ ᠠᠢᠰᠯᠠᠨᠳ᠋ ᠤᠨ ᠬᠥᠮᠥᠰ ᠶᠠᠭᠤ ᠬᠢᠪᠡЭх хэлээ аврах

ᠡᠬᠡ ᠬᠡᠯᠡ ᠎ᠪᠠᠨ ᠠᠪᠤᠷᠠᠬᠤ ᠶᠢᠨ ᠲᠥᠯᠥᠭᠡ ᠠᠢᠰᠯᠠᠨᠳ᠋ ᠤᠨ ᠬᠥᠮᠥᠰ ᠶᠠᠭᠤ ᠬᠢᠪᠡЭх хэлээ аврах

2024-11-15

2123

ᠡᠬᠡ ᠬᠡᠯᠡ ᠎ᠪᠠᠨ ᠠᠪᠤᠷᠠᠬᠤ ᠶᠢᠨ ᠲᠥᠯᠥᠭᠡ ᠠᠢᠰᠯᠠᠨᠳ᠋ ᠤᠨ ᠬᠥᠮᠥᠰ ᠶᠠᠭᠤ ᠬᠢᠪᠡ

      ᠠᠢᠰᠯᠠᠨᠳ᠋ ᠪᠤᠶᠤ ᠢᠰᠯᠠᠨᠳ᠋ ᠨᠢ33 ᠲᠦᠮᠡᠨ ᠬᠥᠮᠦᠨ ᠠᠮᠠ ᠲᠠᠢ ᠵᠢᠵᠢᠭ ᠤᠯᠤᠰ ᠠ᠋᠃ ᠲᠤᠰ ᠤᠯᠤᠰ ᠢ ᠣᠯᠠᠩᠬᠢ ᠬᠥᠮᠦᠰ ᠳᠡᠯᠡᠬᠡᠢ ᠶ᠋ᠢᠨ ᠴᠣᠮᠣ (ᠬᠥᠯ ᠪᠥᠮᠪᠥᠭᠡ) ᠡᠴᠡ ᠲᠠᠨᠢᠭᠰᠠᠨ ᠬᠥᠮᠦᠨ ᠨᠢ ᠣᠯᠠᠨ ᠪᠠᠢᠬᠤ᠃ ᠠᠢᠰᠯᠠᠨᠳ᠋ ᠤᠯᠤᠰ (ᠬᠥᠮᠦᠰ) ᠦ᠋ᠳ ᠵᠢᠵᠢᠭ ᠤᠯᠤᠰ ᠤ᠋ᠨ ᠢᠷᠭᠡᠨ ᠭᠡᠳᠡᠭ ᠴᠦ᠍ ᠲᠡᠳᠡᠨ ᠳ᠋ᠦ᠍ ᠲᠣᠮᠣᠬᠠᠨ ᠬᠦᠰᠡᠯ ᠵᠣᠷᠢᠭ ᠲᠠᠢ᠃ ᠲᠡᠳᠡ ᠴᠠᠬᠢᠮ ᠣᠶᠤᠨGPT-4 ᠪᠣᠯᠤᠨClaude-3.5Sonnet  ᠲᠤ ᠥᠪᠡᠷ ᠦ᠋ᠨ ᠢ᠋ᠶ᠋ᠡᠨ ᠠᠢᠰᠯᠠᠨᠳ᠋ ᠬᠡᠯᠡ ᠶ᠋ᠢ ᠪᠣᠯᠪᠠᠰᠤᠷᠠᠭᠤᠯᠬᠤ ᠪᠠᠷ ᠬᠦᠴᠦᠯᠡᠨ ᠴᠢᠷᠮᠠᠢᠵᠤ ᠪᠠᠢᠭ᠎ᠠ ᠪᠥᠭᠡᠳ ᠠᠯᠢ ᠡᠷᠲᠡ2012 ᠣᠨ ᠳ᠋ᠤ᠌ ᠭᠤᠤᠭᠤᠯ ᠺᠣᠮᠫᠠᠨᠢ ᠳ᠋ᠤ᠌ ᠠᠵᠢᠯᠯᠠᠵᠤ ᠪᠠᠢᠭ᠎ᠠ ᠠᠢᠰᠯᠠᠨᠳ᠋ ᠬᠥᠮᠦᠰ ᠭᠤᠤᠭᠤᠯ ᠺᠣᠮᠫᠠᠨᠢ ᠳ᠋ᠤ᠌ ᠠᠢᠰᠯᠠᠨᠳ᠋ ᠬᠡᠯᠡᠨ ᠦ᠌ ᠠᠪᠢᠶᠠᠯᠠᠯᠭ᠎ᠠ ᠶ᠋ᠢ ᠴᠠᠬᠢᠮ ᠶᠢᠷᠲᠢᠨᠴᠦ ᠳ᠋ᠦ᠍ ᠣᠷᠣᠭᠤᠯᠬᠤ ᠶ᠋ᠢ ᠱᠠᠭᠠᠷᠳᠠᠭᠰᠠᠨ ᠪᠣᠯᠪᠠᠴᠤ ᠲᠡᠪᠴᠢᠭᠳᠡᠵᠦ᠂ ᠲᠡᠳᠡ (ᠮᠤᠵᠢᠭᠤᠳᠠ) ᠪᠠᠢᠳᠠᠭ ᠢ᠋ᠶ᠋ᠠᠷ ᠡᠷᠳᠡᠮᠲᠡᠳ ᠲᠡᠢ ᠬᠠᠮᠲᠤ ᠪᠠᠷ ᠬᠡᠳᠦᠨ ᠵᠠᠭᠤᠨ ᠲᠦᠮᠡᠨ ᠠᠢᠰᠯᠠᠨᠳ᠋ ᠬᠡᠯᠡᠨ ᠦ᠌ ᠦᠭᠡᠰ ᠦ᠋ᠨ ᠰᠠᠩ ᠪᠤᠶᠤ ᠬᠡᠯᠡᠨ ᠦ᠌ ᠮᠠᠲ᠋ᠧᠷᠢᠶᠠᠯ ᠴᠤᠭᠯᠠᠭᠤᠯᠵᠤ ᠪᠠᠢᠭᠠᠳ ᠠᠢᠰᠯᠠᠨᠳ᠋ ᠬᠡᠯᠡᠨ ᠦ᠌ ᠴᠠᠬᠢᠮ ᠬᠥᠮᠥᠷᠭᠡ ᠪᠤᠶᠤ ᠴᠠᠬᠢᠮ ᠰᠠᠩ ᠢ᠋ ᠠᠮᠵᠢᠯᠲᠠ ᠲᠠᠢ ᠪᠠᠢᠭᠤᠯᠵᠤ ᠴᠢᠳᠠᠵᠠᠢ᠃ ᠡᠭᠦᠨ ᠡᠴᠡ ᠭᠠᠳᠠᠨ᠎ᠠ ᠠᠢᠰᠯᠠᠨᠳ᠋ ᠤ᠋ᠨ ᠺᠣᠮᠫᠠᠨᠢ ᠨᠤᠭᠤᠳ ᠠᠢᠰᠯᠠᠨᠳ᠋ ᠬᠥᠮᠦᠰ ᠦ᠋ᠨ ᠳᠠᠭᠤᠨ ᠰᠢᠩᠭᠡᠭᠡᠯᠲᠡ ᠶ᠋ᠢ ᠴᠤᠭᠯᠠᠭᠤᠯᠤᠨ ᠡᠮᠬᠢᠳᠬᠡᠵᠦ ᠴᠢᠳᠠᠵᠠᠢ᠃ 2021 ᠣᠨ ᠳ᠋ᠤ᠌ ᠠᠢᠰᠯᠠᠨᠳ᠋ ᠤᠯᠤᠰ ᠠ᠋ᠴᠠ ᠳ᠋ᠢᠰᠨᠧᠢ ᠺᠣᠮᠫᠠᠨᠢ ᠳ᠋ᠤ᠌ ᠠᠢᠰᠯᠠᠨᠳ᠋ ᠦᠰᠦᠭ ᠬᠠᠲᠠᠬᠤ ᠪᠤᠶᠤ ᠠᠪᠢᠶᠠᠯᠠᠬᠤ ᠶ᠋ᠢ ᠱᠠᠭᠠᠷᠳᠠᠭᠰᠠᠨ ᠪᠥᠭᠡᠳ ᠬᠠᠮᠲᠤᠷᠠᠬᠤ ᠶ᠋ᠢ ᠬᠦᠰᠡᠵᠡᠢ᠃
   ᠢᠷᠡᠯᠲᠡ᠄ ᠪᠠᠢᠨᠠᠦ 
   ᠦᠰᠦᠭ ᠠᠮᠢᠯᠠᠭᠤᠯᠤᠭᠴᠢ᠄ ᠭᠠᠷᠮ᠎ᠠ