ᠳᠤᠷᠠᠳᠬᠠᠯ ᠮᠢᠨᠢ -ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠤᠷᠠᠳᠬᠠᠯ ᠮᠢᠨᠢ -ᠮᠠᠨᠳᠤᠬᠤ ᠪᠠᠭᠰᠢ ᠶᠢᠨ ᠤᠷᠠᠨ ᠪᠢᠴᠢᠯᠭᠡ

ᠳᠤᠷᠠᠳᠬᠠᠯ ᠮᠢᠨᠢ -ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-11-14

357

ᠳᠤᠷᠠᠳᠬᠠᠯ ᠮᠢᠨᠢ


           ᠦᠭᠡ ᠄ ᠲᠡᠮᠦᠷ 
           ᠠᠶ᠎ᠠ ᠄ ᠬᠠᠰᠲᠤ  

 ᠠᠨᠳᠠ ᠨᠥᠬᠥᠳ ᠦ᠋ᠨ ᠲᠦᠰᠢᠭ ᠲᠡᠢ 
 ᠠᠯᠢᠶᠠᠷᠬᠠᠨ ᠨᠠᠷᠭᠢᠬᠤ ᠶ᠋ᠢᠨ ᠵᠠᠶᠠᠭ᠎ᠠ ᠲᠠᠢ  
 ᠠᠭᠤᠯᠵᠠᠨ ᠵᠣᠯᠭᠠᠬᠤ ᠶ᠋ᠢᠨ ᠢᠷᠦᠭᠡᠯ ᠲᠡᠢ  
 ᠤᠨᠠᠭᠠᠨ ᠨᠠᠰᠤᠨ ᠤ᠋ ᠨᠠᠢᠵᠠᠳ ᠮᠢᠨᠢ  
 ᠬᠤᠪᠢ ᠢᠷᠦᠭᠡᠯ ᠦ᠋ᠨ ᠪᠣᠯᠵᠣᠭ᠎ᠠ ᠲᠠᠢ 
 ᠬᠠᠨᠢᠯᠠᠨ ᠨᠠᠢᠵᠠᠯᠠᠬᠤ ᠶ᠋ᠢᠨ ᠲᠠᠪᠢᠯᠠᠩ ᠲᠠᠢ 
 ᠬᠠᠢᠷᠠᠯᠠᠨ ᠰᠠᠨᠠᠬᠤ ᠶ᠋ᠢᠨ ᠵᠡᠭᠦᠳᠦ ᠲᠡᠢ 
 ᠬᠣᠩᠭᠣᠷᠬᠠᠨ ᠨᠠᠰᠤᠨ ᠤ᠋ ᠨᠠᠢᠵᠠᠳ ᠮᠢᠨᠢ  
     ᠬᠠᠮᠢᠭ᠎ᠠ ᠴᠤ᠌ ᠭᠡᠰᠡᠨ ᠦᠭᠡᠢ 
     ᠬᠠᠢᠷ᠎ᠠ ᠴᠣᠢᠯᠠᠳ᠋ᠠᠭ ᠦᠶᠡᠷᠬᠡᠯ ᠮᠢᠨᠢ 
     ᠬᠡᠵᠢᠶ᠎ᠡ ᠴᠤ᠌ ᠮᠠᠷᠲᠠᠮ᠎ᠠ ᠦᠭᠡᠢ 
     ᠭᠡᠨᠡᠨ ᠴᠠᠢᠯᠭᠠᠨ ᠳᠤᠷᠠᠳᠬᠠᠯ ᠮᠢᠨᠢ  

 ᠡᠷᠢᠯ ᠬᠦᠰᠡᠯ ᠦ᠋ᠨ ᠵᠠᠬᠢᠶ᠎ᠠ ᠲᠠᠢ 
 ᠢᠳᠡᠭᠡᠨ ᠪᠢᠰᠢᠷᠡᠬᠦ ᠶ᠋ᠢᠨ ᠵᠢᠷᠤᠮ ᠲᠠᠢ 
 ᠡᠷᠳᠡᠮ ᠰᠢᠮᠳᠠᠬᠤ ᠶ᠋ᠢᠨ ᠰᠠᠬᠢᠶ᠎ᠠ ᠲᠠᠢ 
 ᠡᠨᠡᠬᠡᠨ ᠨᠠᠰᠤᠨ ᠤ᠋ ᠨᠠᠢᠵᠠᠳ ᠮᠢᠨᠢ  
 ᠲᠣᠮᠣᠭ᠎ᠠ ᠦᠭᠡᠢ ᠴᠠᠢᠯᠭᠠᠨ ᠰᠡᠳᠬᠢᠯ ᠲᠡᠢ 
 ᠲᠡᠮᠡᠦᠯᠡᠬᠦ ᠵᠢᠷᠦᠬᠡᠨ ᠦ᠌ ᠢᠯᠴᠢ ᠲᠡᠢ 
 ᠨᠠᠷᠠᠯᠠᠭ ᠬᠣᠷᠸ᠎ᠠ ᠶ᠋ᠢᠨ ᠨᠠᠷᠭᠢᠶᠠᠨ ᠲᠠᠢ 
 ᠨᠠᠰᠤᠨ ᠲᠤᠷᠰᠢ ᠶ᠋ᠢᠨ ᠨᠠᠢᠵᠠᠳ ᠮᠢᠨᠢ  
     ᠬᠠᠮᠢᠭ᠎ᠠ ᠴᠤ᠌ ᠭᠡᠰᠡᠨ ᠦᠭᠡᠢ 
     ᠬᠠᠢᠷ᠎ᠠ ᠴᠣᠢᠯᠠᠳ᠋ᠠᠭ ᠦᠶᠡᠷᠬᠡᠯ ᠮᠢᠨᠢ 
     ᠬᠡᠵᠢᠶ᠎ᠡ ᠴᠤ᠌ ᠮᠠᠷᠲᠠᠮ᠎ᠠ ᠦᠭᠡᠢ 
     ᠭᠡᠨᠡᠨ ᠴᠠᠢᠯᠭᠠᠨ ᠳᠤᠷᠠᠳᠬᠠᠯ ᠮᠢᠨᠢ   

       ᠦᠰᠦᠭ ᠠᠮᠢᠯᠠᠭᠤᠯᠤᠭᠴᠢ ᠄ ᠱᠤᠸᠠᠩᠬᠤᠸᠠᠷ   
         ᠦᠰᠦᠭ ᠬᠢᠨᠠᠭᠴᠢ ᠄ ᠴᠡᠴᠡᠭ