ᠮᠢᠨᠦ ᠬᠦᠯᠦᠭ – ᠵᠣᠬᠢᠶᠠᠭᠴᠢ ᠄ ᠯ· ᠴᠢᠯᠠᠭᠤᠨᠪᠠᠭᠠᠲᠤᠷ ᠂ ᠤᠶᠠᠩᠭᠠᠯᠠᠭᠰᠠᠨ ᠨᠢ᠄ ᠪᠠᠶᠠᠯᠢᠭ Миний хүлэг – Зохиогч ᠄ Л · Чулуунбаатар ᠂ Уянгалсан нь᠄ Баялаг
ᠮᠢᠨᠦ ᠬᠥᠯᠥᠭ
ᠪᠠᠶᠠᠯᠢᠭ ᠤᠶᠠᠩᠭᠠᠯᠠᠪᠠ
(ᠰᠥᠨᠢᠳ ᠵᠡᠭᠦᠨ ᠬᠣᠰᠢᠭᠤ)
ᠴᠠᠭᠠᠨ ᠵᠡᠭᠡᠷ᠎ᠡ ᠶ᠋ᠢᠨ ᠰᠢᠯᠪᠢ ᠲᠡᠢ
ᠴᠠᠨ᠎ᠠ ᠪᠤᠭᠤ ᠶ᠋ᠢᠨ ᠪᠣᠷᠪᠢ ᠲᠠᠢ
ᠲᠠᠢᠭᠠᠨ ᠨᠣᠬᠠᠢ ᠶ᠋ᠢᠨ ᠭᠡᠳᠡᠰᠦ ᠲᠡᠢ
ᠲᠠᠢᠱᠠᠨ ᠠᠭᠤᠯᠠ ᠶ᠋ᠢᠨ ᠪᠡᠶ᠎ᠡ ᠲᠡᠢ
ᠠᠵᠠ ᠵᠢᠷᠭᠠᠯ ᠤ᠋ᠨ ᠪᠡᠯᠭᠡᠲᠦ ᠬᠠᠨᠢ
ᠠᠭᠰᠤᠮ ᠵᠢᠷᠣᠭ᠎ᠠ ᠮᠢᠨᠦ ᠬᠦᠯᠦᠭ
ᠭᠣᠣᠯ ᠤᠨ ᠲᠤᠩᠭᠠᠯᠠᠭ ᠤᠰᠤ ᠪᠠᠷ
ᠠᠮᠠ ᠪᠠᠨ ᠵᠠᠢᠯᠤᠨ ᠨᠠᠭᠠᠳᠤᠭᠰᠠᠨ
ᠭᠣᠪᠢ ᠶ᠋ᠢᠨ ᠥᠨᠳᠥᠷ ᠳᠡᠨᠵᠢ ᠪᠡᠷ
ᠠᠮᠠᠭᠠᠢ ᠳᠠᠷᠤᠨ ᠲᠡᠮᠡᠦᠯᠦᠭᠰᠡᠨ
ᠠᠵᠠ ᠵᠢᠷᠭᠠᠯ ᠤ᠋ᠨ ᠪᠡᠯᠭᠡᠲᠦ ᠬᠠᠨᠢ
ᠠᠭᠰᠤᠮ ᠵᠢᠷᠣᠭ᠎ᠠ ᠮᠢᠨᠦ ᠬᠦᠯᠦᠭ
ᠬᠥᠨᠲᠥᠷᠴᠦ ᠭᠦᠶᠦᠭᠰᠡᠨ ᠭᠠᠵᠠᠷ ᠠ᠋ᠴᠠ ᠨᠢ
ᠰᠠᠨᠰᠠᠷ ᠤ᠋ᠨ ᠡᠭᠦᠯᠡ ᠳᠡᠭᠳᠡᠭᠰᠡᠨ
ᠬᠥᠷᠪᠡᠵᠦ ᠪᠣᠰᠤᠭᠰᠠᠨ ᠣᠷᠣᠨ ᠠ᠋ᠴᠠ ᠨᠢ
ᠰᠠᠷᠭᠠᠢ ᠴᠡᠴᠡᠭ ᠳᠡᠯᠭᠡᠷᠡᠭᠰᠡᠨ
ᠠᠵᠠ ᠵᠢᠷᠭᠠᠯ ᠤ᠋ᠨ ᠪᠡᠯᠭᠡᠲᠦ ᠬᠠᠨᠢ
ᠠᠭᠰᠤᠮ ᠵᠢᠷᠣᠭ᠎ᠠ ᠮᠢᠨᠦ ᠬᠦᠯᠦᠭ
ᠠᠮᠢᠳᠤᠷᠠᠯ ᠤ᠋ᠨ ᠬᠠᠲᠠᠭᠤ ᠶ᠋ᠢ ᠲᠤᠭᠤᠯᠬᠤ ᠳ᠋ᠤ᠌
ᠠᠴᠢ ᠪᠠᠨ ᠥᠭᠭᠦᠭᠰᠡᠨ ᠠᠨᠳᠠ ᠪᠢᠯᠡ
ᠠᠯᠤᠰ ᠬᠠᠷᠭᠤᠢ ᠶ᠋ᠢ ᠵᠣᠷᠢᠬᠤ ᠳ᠋ᠤ᠌
ᠠᠭᠲᠠ ᠬᠦᠴᠦ ᠪᠡᠨ ᠥᠭᠭᠦᠭᠰᠡᠨ ᠬᠦᠯᠦᠭ ᠪᠢᠯᠡ
ᠠᠵᠠ ᠵᠢᠷᠭᠠᠯ ᠤ᠋ᠨ ᠪᠡᠯᠭᠡᠲᠦ ᠬᠠᠨᠢ
ᠠᠭᠰᠤᠮ ᠵᠢᠷᠣᠭ᠎ᠠ ᠮᠢᠨᠦ ᠬᠦᠯᠦᠭ
ᠠᠵᠠ ᠵᠢᠷᠭᠠᠯ ᠤ᠋ᠨ ᠪᠡᠯᠭᠡᠲᠦ ᠬᠠᠨᠢ
ᠠᠭᠰᠤᠮ ᠵᠢᠷᠣᠭ᠎ᠠ ᠮᠢᠨᠦ ᠬᠦᠯᠦᠭ
ᠠᠭᠰᠤᠮ ᠵᠢᠷᠣᠭ᠎ᠠ ᠮᠢᠨᠦ ᠬᠦᠯᠦᠭ ᠠ᠋!
ᠦᠰᠦᠭ ᠠᠮᠢᠯᠠᠭᠤᠯᠤᠭᠴᠢ ᠄ ᠭᠠᠷᠮ᠎ᠠ
ᠦᠰᠦᠭ ᠬᠠᠲᠠᠭᠰᠠᠨ ᠨᠢ ᠄ ᠭᠠᠸᠠ
ᠦᠰᠦᠭ ᠬᠢᠨᠠᠭᠴᠢ᠄ ᠭᠠᠷᠮ᠎ᠠ᠂ ᠲᠤᠭᠴᠢ ᠰᠠᠷᠠᠨ᠎ᠠ
