ᠳᠥᠷᠪᠡᠨ ᠴᠠᠭ- ᠵᠢᠷᠭᠠᠯᠰᠠᠢᠬᠠᠨ ᠂ᠠᠷᠢᠭᠤᠨ᠎ᠠ ᠂ ᡀᠠᠭᠪᠠᠰᠦ᠋ᠷᠦᠩ ᠂ ᠮᠢᠰᠢᠶᠡᠯ-ᠨᠠᠭᠠᠳᠤᠮ ᠤ᠋ᠨ ᠨᠡᠭᠡᠭᠡᠯᠲᠡДөрвөн цаг-Жаргалсайхан ,Ариунаа , Лхагвасүрэн , Мишээл-Наадмын нээлт ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠥᠷᠪᠡᠨ ᠴᠠᠭ- ᠵᠢᠷᠭᠠᠯᠰᠠᠢᠬᠠᠨ ᠂ᠠᠷᠢᠭᠤᠨ᠎ᠠ ᠂ ᡀᠠᠭᠪᠠᠰᠦ᠋ᠷᠦᠩ ᠂ ᠮᠢᠰᠢᠶᠡᠯ-ᠨᠠᠭᠠᠳᠤᠮ ᠤ᠋ᠨ ᠨᠡᠭᠡᠭᠡᠯᠲᠡДөрвөн цаг-Жаргалсайхан ,Ариунаа , Лхагвасүрэн , Мишээл-Наадмын нээлт

ᠳᠥᠷᠪᠡᠨ ᠴᠠᠭ- ᠵᠢᠷᠭᠠᠯᠰᠠᠢᠬᠠᠨ ᠂ᠠᠷᠢᠭᠤᠨ᠎ᠠ ᠂ ᡀᠠᠭᠪᠠᠰᠦ᠋ᠷᠦᠩ ᠂ ᠮᠢᠰᠢᠶᠡᠯ-ᠨᠠᠭᠠᠳᠤᠮ ᠤ᠋ᠨ ᠨᠡᠭᠡᠭᠡᠯᠲᠡДөрвөн цаг-Жаргалсайхан ,Ариунаа , Лхагвасүрэн , Мишээл-Наадмын нээлт

ᠠᠩᠭᠢᠯᠠᠯ:ᠳᠠᠭᠤᠤ ᠬᠥᠭᠵᠢᠮ
2022-07-20

1005

ᠳᠥᠷᠪᠡᠨ ᠴᠠᠭ


    ᠦᠭᠡ ᠄  ᠳ᠂ᠨᠢᠮᠠᠰᠦ᠋ᠷᠦᠩ 
    ᠠᠶ᠎ᠠ᠄  ᠪ᠂ᠴᠢᠩᠪᠠᠲᠤ 

ᠬᠠᠪᠤᠷ ᠤ᠋ᠨ ᠥᠷᠯᠥᠭᠡ ᠡᠷᠲᠡ ᠪᠣᠰᠬᠤ ᠰᠠᠢᠬᠠᠨ
ᠬᠠᠵᠠᠭᠠᠷ ᠠᠪᠤᠭᠠᠳ ᠮᠣᠷᠢᠨ ᠳ᠋ᠤ᠌ ᠶᠠᠪᠤᠬᠤ ᠰᠠᠢᠬᠠᠨ
ᠰᠡᠷᠢᠭᠦᠨ ᠴᠠᠰᠤ ᠦᠨᠦᠷᠲᠦᠬᠦ ᠨᠢ ᠰᠠᠢᠬᠠᠨ
ᠰᠡᠮᠡᠵᠡᠨ ᠮᠥᠰᠥᠨ ᠡᠴᠡ ᠬᠦᠯᠬᠦᠬᠦ ᠰᠠᠢᠬᠠᠨ

ᠰᠥᠩ ᠲᠦᠷᠢᠵᠦ ᠭᠣᠣᠯ ᠤᠷᠤᠰᠬᠤ ᠨᠢ ᠰᠠᠢᠬᠠᠨ
ᠴᠥᠮᠥᠷᠡᠪᠡᠯ ᠤᠷᠤᠰᠤᠨ᠎ᠠ ᠳᠠ ᠭᠡᠵᠦ ᠪᠣᠳᠣᠬᠤ ᠰᠠᠢᠬᠠᠨ
ᠥᠷᠯᠥᠭᠡ ᠭᠣᠣᠯ ᠤ᠋ᠨ ᠡᠷᠭᠢ ᠳ᠋ᠦ᠍ ᠭᠠᠭᠴᠠᠭᠠᠷ ᠢ᠋ᠶ᠋ᠠᠨ ᠰᠠᠢᠬᠠᠨ
ᠣᠷᠣᠢ ᠭᠣᠣᠯ ᠤ᠋ᠨ ᠬᠥᠪᠡᠭᠡᠨ ᠳ᠋ᠦ᠍ ᠬᠣᠶᠠᠭᠤᠯᠠ ᠪᠠᠨ ᠰᠠᠢᠬᠠᠨ

ᠠᠯᠠᠭ ᠨᠢᠳᠦᠨ ᠦ᠌ ᠨᠢᠯᠪᠤᠰᠤᠨ ᠳᠤᠰᠤᠯ ᠪᠠᠭᠲᠠᠭᠰᠠᠨ
ᠠᠢ ᠮᠢᠨᠦ ᠡᠬᠡ ᠣᠷᠣᠨ ᠤ᠋ ᠳᠥᠷᠪᠡᠨ ᠴᠠᠭ
ᠠᠰᠬᠠᠷᠠᠭᠤᠯᠤᠨ ᠮᠡᠯᠲᠡᠯᠵᠡᠭᠦᠯᠦᠨ ᠪᠠᠢᠨ᠎ᠠ ᠤᠤ ᠳᠠ
ᠠᠶ᠎ᠠ ᠠᠮᠢᠳᠤᠷᠠᠬᠤ ᠰᠠᠢᠬᠠᠨ

ᠬᠥᠬᠡ ᠯᠣᠩᠬᠣᠨ ᠲᠣᠭᠣᠷᠤᠤ ᠳᠤᠤᠭᠠᠷᠬᠤ ᠨᠢ ᠰᠠᠢᠬᠠᠨ
ᠬᠥᠬᠡ ᠴᠠᠢᠳᠠᠮ ᠪᠣᠷᠣᠭᠠᠰᠢᠬᠤ ᠰᠠᠢᠬᠠᠨ
ᠠᠨᠢᠷᠬᠠᠨ ᠠᠬᠤᠢ ᠳ᠋ᠤ᠌ ᠴᠡᠴᠡᠭ ᠲᠣᠬᠢᠬᠤ ᠰᠠᠢᠬᠠᠨ
ᠠᠭᠠᠳᠠᠷ ᠤ᠋ᠨ ᠡᠮᠦᠨᠡᠬᠢ ᠠᠭᠠᠷ ᠨᠢᠭᠡ ᠰᠠᠢᠬᠠᠨ

ᠵᠡᠭᠦᠨ ᠡᠮᠦᠨ᠎ᠡ ᠰᠣᠯᠣᠩᠭ᠎ᠠ ᠲᠠᠲᠠᠬᠤ ᠰᠠᠢᠬᠠᠨ
ᠵᠦᠰᠡᠷ ᠪᠣᠷᠣᠭ᠎ᠠ ᠬᠡᠷᠡᠯᠳᠦᠬᠦ ᠰᠠᠢᠬᠠᠨ
ᠠᠭᠢ ᠬᠦᠮᠡᠯᠢ ᠶ᠋ᠢᠨ ᠦᠨᠦᠷ ᠰᠡᠩᠭᠢᠨᠡᠬᠦ ᠰᠠᠢᠬᠠᠨ
ᠠᠶᠠᠰᠬᠠᠨ ᠪᠣᠳᠣᠯ ᠬᠣᠯᠠ ᠣᠢᠷ᠎ᠠ ᠶ᠋ᠢ ᠰᠠᠨᠠᠬᠤ ᠰᠠᠢᠬᠠᠨ

ᠠᠯᠠᠭ ᠨᠢᠳᠦᠨ ᠦ᠌ ᠨᠢᠯᠪᠤᠰᠤᠨ ᠳᠤᠰᠤᠯ ᠪᠠᠭᠲᠠᠭᠰᠠᠨ
ᠠᠢ ᠮᠢᠨᠦ ᠡᠬᠡ ᠣᠷᠣᠨ ᠤ᠋ ᠳᠥᠷᠪᠡᠨ ᠴᠠᠭ
ᠠᠰᠬᠠᠷᠠᠭᠤᠯᠤᠨ ᠮᠡᠯᠲᠡᠯᠵᠡᠭᠦᠯᠦᠨ ᠪᠠᠢᠨ᠎ᠠ ᠤᠤ ᠳᠠ
ᠠᠶ᠎ᠠ ᠠᠮᠢᠳᠤᠷᠠᠬᠤ ᠰᠠᠢᠬᠠᠨ

ᠨᠠᠪᠴᠢ ᠭᠠᠭᠴᠠ ᠨᠢᠭᠡ ᠪᠡᠷ ᠤᠨᠠᠬᠤ ᠨᠢ ᠰᠠᠢᠬᠠᠨ
ᠨᠠᠷᠠᠨ ᠲᠤᠯᠤᠭᠠᠳ ᠤ᠋ᠨ ᠴᠠᠭᠠᠨ᠎ᠠ ᠠ᠋ᠴᠠ ᠭᠠᠷᠬᠤ ᠰᠠᠢᠬᠠᠨ
ᠰᠡᠪ ᠰᠡᠪ ᠰᠠᠯᠬᠢ ᠦᠯᠢᠶᠡᠬᠦ ᠨᠢ ᠰᠠᠢᠬᠠᠨ
ᠰᠠᠮ ᠰᠡᠮᠬᠡᠨ ᠬᠤᠢ ᠪᠣᠰᠬᠤ ᠰᠠᠢᠬᠠᠨ

ᠴᠡᠩᠬᠡᠷᠯᠡᠵᠦ ᠨᠤᠲᠤᠭ ᠤ᠋ᠨ ᠪᠠᠷ᠎ᠠ ᠬᠠᠷᠠᠭᠳᠠᠬᠤ ᠨᠢ ᠰᠠᠢᠬᠠᠨ
ᠴᠡᠯᠡᠯᠵᠡᠬᠦ ᠨᠢᠳᠦᠨ ᠦ᠌ ᠨᠢᠯᠪᠤᠰᠤ ᠭᠠᠷᠬᠤ ᠨᠢ ᠰᠠᠢᠬᠠᠨ
ᠳᠥᠷᠦᠭᠡᠨ ᠳᠡᠭᠡᠷ᠎ᠡ ᠥᠨᠳᠡᠢᠭᠡᠳ ᠢᠰᠬᠡᠷᠦᠨ ᠳᠠᠪᠬᠢᠬᠤ ᠰᠠᠢᠬᠠᠨ
ᠳᠥᠷᠪᠡᠨ ᠲᠤᠭᠤᠷᠠᠢ ᠶ᠋ᠢᠨ ᠬᠣᠭᠣᠷᠣᠨᠳᠣ ᠰᠢᠪᠠᠭᠤ ᠨᠢᠰᠬᠦ ᠰᠠᠢᠬᠠᠨ

ᠠᠯᠠᠭ ᠨᠢᠳᠦᠨ ᠦ᠌ ᠨᠢᠯᠪᠤᠰᠤᠨ ᠳᠤᠰᠤᠯ ᠪᠠᠭᠲᠠᠭᠰᠠᠨ
ᠠᠢ ᠮᠢᠨᠦ ᠡᠬᠡ ᠣᠷᠣᠨ ᠤ᠋ ᠳᠥᠷᠪᠡᠨ ᠴᠠᠭ
ᠠᠰᠬᠠᠷᠠᠭᠤᠯᠤᠨ ᠮᠡᠯᠲᠡᠯᠵᠡᠭᠦᠯᠦᠨ ᠪᠠᠢᠨ᠎ᠠ ᠤᠤ ᠳᠠ
ᠠᠶ᠎ᠠ ᠠᠮᠢᠳᠤᠷᠠᠬᠤ ᠰᠠᠢᠬᠠᠨ

ᠴᠠᠰᠤ ᠣᠷᠣᠨ ᠣᠷᠣᠨ ᠯᠠᠪᠰᠠᠬᠤ ᠨᠢ ᠰᠠᠢᠬᠠᠨ
ᠴᠠᠭ ᠡᠷᠭᠢᠨ ᠡᠷᠭᠢᠨ ᠢᠷᠡᠬᠦ ᠰᠠᠢᠬᠠᠨ
ᠲᠡᠷᠭᠡᠯ ᠰᠠᠷᠠ ᠲᠠᠢ ᠰᠥᠨᠢ ᠭᠠᠳᠠᠭ᠎ᠠ ᠵᠣᠭᠰᠣᠬᠤ ᠰᠠᠢᠬᠠᠨ
ᠲᠡᠷᠭᠡᠨ ᠳᠡᠭᠡᠷ᠎ᠡ ᠬᠤᠷᠢᠶᠠᠭᠰᠠᠨ ᠪᠠᠷᠠᠭ᠎ᠠ ᠰᠦᠭᠯᠡᠢᠬᠦ ᠨᠢ ᠰᠠᠢᠬᠠᠨ

ᠭᠡᠷ ᠦ᠋ᠨ ᠬᠣᠢᠮᠣᠷ ᠲᠤ᠌ ᠠᠪᠤ ᠰᠠᠭᠤᠬᠤ ᠰᠠᠢᠬᠠᠨ
ᠭᠡᠷᠡᠯᠲᠡᠢ ᠡᠭᠦᠳᠡ ᠪᠡᠷ ᠡᠵᠢ ᠣᠷᠣᠵᠤ ᠢᠷᠡᠬᠦ ᠰᠠᠢᠬᠠᠨ
ᠥᠩᠭᠡᠲᠦ ᠳᠡᠯᠡᠬᠡᠢ ᠨᠢ ᠤᠶᠠᠷᠠᠨ ᠤᠬᠢᠯᠠᠮᠠᠷ ᠰᠠᠢᠬᠠᠨ
ᠥᠷᠭᠡᠨ ᠬᠣᠷᠸ᠎ᠠ ᠨᠢ ᠳᠠᠭᠤᠯᠠᠨ ᠵᠢᠷᠭᠠᠮᠠᠷ ᠰᠠᠢᠬᠠᠨ

ᠠᠯᠠᠭ ᠨᠢᠳᠦᠨ ᠦ᠌ ᠨᠢᠯᠪᠤᠰᠤᠨ ᠳᠤᠰᠤᠯ ᠪᠠᠭᠲᠠᠭᠰᠠᠨ
ᠠᠢ ᠮᠢᠨᠦ ᠡᠬᠡ ᠣᠷᠣᠨ ᠤ᠋ ᠳᠥᠷᠪᠡᠨ ᠴᠠᠭ
ᠠᠰᠬᠠᠷᠠᠭᠤᠯᠤᠨ ᠮᠡᠯᠲᠡᠯᠵᠡᠭᠦᠯᠦᠨ ᠪᠠᠢᠨ᠎ᠠ ᠤᠤ ᠳᠠ
ᠠᠶ᠎ᠠ ᠠᠮᠢᠳᠤᠷᠠᠬᠤ ᠰᠠᠢᠬᠠᠨ