ᠰᠠᠷ᠎ᠠ ᠰᠢᠨ᠎ᠡ ᠶ᠋ᠢᠨ ᠮᠡᠨᠳᠦᠴᠢᠯᠡᠯ -ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷ᠎ᠠ ᠰᠢᠨ᠎ᠡ ᠶ᠋ᠢᠨ ᠮᠡᠨᠳᠦᠴᠢᠯᠡᠯ -ᠮᠠᠨᠳᠤᠬᠤ ᠪᠠᠭᠰᠢ ᠶᠢᠨ ᠤᠷᠠᠨ ᠪᠢᠴᠢᠯᠭᠡ

ᠰᠠᠷ᠎ᠠ ᠰᠢᠨ᠎ᠡ ᠶ᠋ᠢᠨ ᠮᠡᠨᠳᠦᠴᠢᠯᠡᠯ -ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-11-13

410

ᠰᠠᠷ᠎ᠠ ᠰᠢᠨ᠎ᠡ ᠶ᠋ᠢᠨ ᠮᠡᠨᠳᠦᠴᠢᠯᠡᠯ


    ᠦᠭᠡ᠄ ᠶᠣ᠂ ᠡᠷᠳᠡᠨᠢᠲᠣᠭᠲᠠᠬᠤ  
    ᠠᠶ᠎ᠠ᠄ ᠫ᠂ ᠪᠤᠶᠠᠨᠵᠢᠷᠭᠠᠯ   
    ᠳᠠᠭᠤᠴᠢᠨ᠄ ᠴᠡᠪᠡᠷᠴᠡᠴᠡᠭ   

ᠲᠠᠩᠰᠤᠭ ᠪᠡᠯᠴᠢᠭᠡᠷ ᠲᠠᠨᠢ ᠥᠩ ᠰᠢᠮᠡᠲᠡᠢ   
ᠲᠠᠪᠤᠨ ᠬᠣᠰᠢᠭᠤ ᠲᠠᠨᠢ ᠲᠠᠷᠭᠤ ᠬᠦᠴᠦᠲᠡᠢ  
ᠬᠣᠲᠠ ᠠᠢᠯ ᠢ᠋ᠶ᠋ᠠᠷ ᠢ᠋ᠶ᠋ᠠᠨ ᠥᠶᠥᠭ ᠲᠠᠪᠠᠲᠠᠢᠬᠠᠨ  
ᠬᠣᠲᠠᠯᠠ ᠣᠯᠠᠨ ᠢ᠋ᠶ᠋ᠠᠷ ᠢ᠋ᠶ᠋ᠠᠨ ᠰᠠᠨᠠᠭ᠎ᠠ ᠲᠡᠨᠢᠭᠦᠬᠡᠨ   
ᠰᠠᠢᠨ ᠰᠢᠨᠡᠯᠡᠪᠡᠦ ᠡᠯᠢᠭᠡᠨ ᠲᠦᠮᠡᠨ ᠮᠢᠨᠢ 
ᠰᠠᠷᠬᠤᠳ ᠤ᠋ᠨ ᠳᠡᠭᠡᠵᠢ ᠪᠡᠨ ᠰᠥᠩᠨᠡᠨ ᠪᠠᠷᠢᠶ᠎ᠠ 
ᠰᠠᠢᠨ ᠰᠠᠢᠬᠠᠨ ᠢ᠋ ᠲᠠᠨᠢ ᠬᠦᠰᠡᠨ ᠵᠥᠩᠨᠡᠭᠡᠳ 
ᠰᠠᠢᠬᠠᠨ ᠳᠠᠭᠤᠤ ᠪᠠᠷ ᠢ᠋ᠶ᠋ᠠᠨ ᠮᠡᠨᠳᠦᠴᠢᠯᠡᠨ ᠵᠣᠯᠭᠠᠶ᠎ᠠ ᠃

ᠣᠷᠢᠶᠠᠮᠠᠯ ᠱᠠᠩᠴᠨ ᠢ᠋ᠶ᠋ᠠᠷ ᠰᠢᠨ᠎ᠡ ᠪᠡᠨ ᠳᠡᠭᠡᠵᠢᠯᠡᠭᠡᠳ
ᠥᠩᠭᠡ ᠲᠡᠢ ᠢᠳᠡᠭᠡ ᠪᠡᠷ ᠰᠢᠷᠡᠭᠡ ᠪᠡᠨ ᠴᠢᠮᠡᠭᠡᠳ
ᠥᠨᠳᠥᠷ ᠪᠤᠭᠤᠷᠤᠯ ᠢ᠋ᠶ᠋ᠠᠨ ᠬᠣᠢᠮᠣᠷ ᠲᠠᠭᠠᠨ ᠬᠦᠨᠳᠦᠯᠡᠭᠡᠳ
ᠥᠯᠵᠡᠢᠲᠦ ᠥᠷᠭᠥᠭᠡ ᠪᠡᠨ ᠪᠠᠶᠠᠷ ᠢ᠋ᠶ᠋ᠠᠷ ᠪᠢᠯᠬᠠᠭᠠᠭᠠᠳ
ᠰᠠᠢᠨ ᠰᠢᠨᠡᠯᠡᠪᠡᠦ ᠡᠯᠢᠭᠡᠨ ᠲᠦᠮᠡᠨ ᠮᠢᠨᠢ
ᠰᠠᠷᠬᠤᠳ ᠤ᠋ᠨ ᠳᠡᠭᠡᠵᠢ ᠪᠡᠨ ᠰᠥᠩᠨᠡᠨ ᠪᠠᠷᠢᠶ᠎ᠠ
ᠰᠠᠢᠨ ᠰᠠᠢᠬᠠᠨ ᠢ᠋ ᠲᠠᠨᠢ ᠬᠦᠰᠡᠨ ᠵᠥᠩᠨᠡᠭᠡᠳ
ᠰᠠᠢᠬᠠᠨ ᠳᠠᠭᠤᠤ ᠪᠠᠷ ᠢ᠋ᠶ᠋ᠠᠨ ᠮᠡᠨᠳᠦᠴᠢᠯᠡᠨ ᠵᠣᠯᠭᠠᠶ᠎ᠠ᠃

ᠤᠳᠤᠮ ᠤᠭᠰᠠᠭᠠᠨ ᠤ᠋ ᠭᠠᠯ ᠢ᠋ᠶ᠋ᠠᠨ ᠳᠠᠬᠢᠭᠠᠳ
ᠠᠭᠤᠯᠠ ᠤᠰᠤᠨ ᠳ᠋ᠠᠭᠠᠨ ᠰᠡᠷᠵᠢᠮ ᠡᠷᠭᠦᠭᠡᠳ
ᠢᠷᠦᠭᠡᠯ ᠪᠡᠯᠭᠡᠳᠡᠯ ᠢ᠋ᠶ᠋ᠡᠷ ᠬᠠᠳᠠᠭ ᠢ᠋ᠶ᠋ᠠᠨ ᠰᠢᠭᠰᠢᠭᠡᠳ
ᠢᠳᠡᠭᠡᠨ ᠦ᠌ ᠳᠡᠭᠡᠵᠢ ᠪᠡᠷ ᠠᠶᠠᠭ᠎ᠠ ᠪᠠᠨ ᠳᠦᠭᠦᠷᠭᠡᠭᠡᠳ
ᠰᠠᠢᠨ ᠰᠢᠨᠠᠯᠠᠪᠠᠤ ᠡᠯᠢᠭᠡᠨ ᠲᠦᠮᠡᠨ ᠮᠢᠨᠢ
ᠰᠠᠷᠬᠤᠳ ᠤ᠋ᠨ ᠳᠡᠭᠡᠵᠢ ᠪᠡᠨ ᠰᠥᠩᠨᠡᠨ ᠪᠠᠷᠢᠶ᠎ᠠ
ᠰᠠᠢᠨ ᠰᠠᠢᠬᠠᠨ ᠢ᠋ ᠲᠠᠨᠢ ᠬᠦᠰᠡᠨ ᠵᠥᠩᠨᠡᠭᠡᠳ
ᠰᠠᠢᠬᠠᠨ ᠳᠠᠭᠤᠤ ᠪᠠᠷ ᠢ᠋ᠶ᠋ᠠᠨ ᠮᠡᠨᠳᠦᠴᠢᠯᠡᠨ ᠵᠣᠯᠭᠠᠶ᠎ᠠ᠃

ᠰᠠᠢᠨ ᠰᠢᠨᠠᠯᠠᠪᠠᠤ ᠡᠯᠢᠭᠡᠨ ᠲᠦᠮᠡᠨ ᠮᠢᠨᠢ
ᠰᠠᠷᠬᠤᠳ ᠤ᠋ᠨ ᠳᠡᠭᠡᠵᠢ ᠪᠡᠨ ᠰᠥᠩᠨᠡᠨ ᠪᠠᠷᠢᠶ᠎ᠠ
ᠰᠠᠢᠨ ᠰᠠᠢᠬᠠᠨ ᠢ᠋ ᠲᠠᠨᠢ ᠬᠦᠰᠡᠨ ᠵᠥᠩᠨᠡᠭᠡᠳ
ᠰᠠᠢᠬᠠᠨ ᠳᠠᠭᠤᠤ ᠪᠠᠷ ᠢ᠋ᠶ᠋ᠠᠨ ᠮᠡᠨᠳᠦᠴᠢᠯᠡᠨ ᠵᠣᠯᠭᠠᠶ᠎ᠠ
ᠮᠡᠨᠳᠦᠴᠢᠯᠡᠨ ᠵᠣᠯᠭᠠᠶ᠎ᠠ᠃
     
       ᠦᠰᠦᠭ ᠠᠮᠢᠯᠠᠭᠤᠯᠤᠭᠴᠢ᠄ ᠨᠠᠷᠠᠨᠲᠣᠭᠣᠰ
       ᠬᠢᠨᠠᠭᠴᠢ᠄ ᠤᠤᠭᠠᠨᠵᠢᠳ