ᠮᠣᠩᠭᠣᠯ ᠭᠣᠶᠣᠯᠠᠯ-ᠮᠠᠨᠳᠤᠬᠤ ᠪᠠᠭᠰᠢ ᠶᠢᠨ ᠤᠷᠠᠨ ᠪᠢᠴᠢᠯᠭᠡ
ᠮᠣᠩᠭᠣᠯ ᠭᠣᠶᠣᠯᠠᠯ
ᠬᠥᠬᠡ ᠯᠡ ᠲᠩᠷᠢ ᠶ᠋ᠢᠨ ᠥᠩᠭᠡ ᠲᠡᠢ ᠲᠣᠷᠭ᠎ᠠ ᠪᠠᠷ ᠡᠰᠬᠡᠪᠡ
ᠬᠦᠦ ᠪᠡᠨ ᠲᠡᠪᠡᠷᠢᠬᠦ ᠶ᠋ᠢ ᠨᠢ ᠪᠣᠳᠣᠵᠤ ᠳᠠᠪᠬᠤᠷ ᠢ᠋ᠶ᠋ᠠᠷ ᠡᠮᠵᠢᠪᠡ
ᠤᠬᠠᠭᠠᠨ ᠰᠠᠷᠠᠭᠤᠯ ᠢ᠋ ᠨᠢ ᠪᠡᠯᠭᠡᠳᠡᠵᠦ ᠤᠷᠲᠤ ᠪᠠᠷ ᠰᠦᠪᠡᠯᠡᠪᠡ
ᠤᠶᠠᠬᠠᠨ ᠰᠠᠢᠬᠠᠨ ᠵᠠᠩ ᠢ᠋ ᠨᠢ ᠪᠣᠳᠣᠵᠤ ᠥᠯᠵᠡᠢ ᠬᠡ ᠱᠠᠭᠯᠠᠪᠠ᠃
ᠡᠮᠨᠢᠭ ᠬᠦᠯᠦᠭ ᠦ᠋ᠨ ᠵᠣ ᠶ᠋ᠢ ᠪᠣᠳᠣᠵᠤ ᠢᠯᠭᠢ ᠪᠡᠷ ᠳᠣᠲᠣᠷᠯᠠᠪᠠ
ᠡᠷᠡᠬᠡᠢ ᠮᠡᠷᠭᠡᠨ ᠪᠠᠢᠭ ᠭᠡᠵᠦ ᠠᠭᠤᠵᠢᠭᠤᠬᠠᠨ ᠲᠠᠯᠪᠢᠪᠠ
ᠪᠠᠭᠠᠲᠤᠷ ᠵᠣᠷᠢᠭ ᠢ᠋ ᠨᠢ ᠪᠡᠯᠭᠡᠳᠡᠵᠦ ᠪᠠᠷᠰ ᠢ᠋ ᠰᠢᠭᠢᠳᠬᠡᠪᠡ
ᠪᠠᠬᠠᠷᠬᠠᠬᠤ ᠲᠡᠦᠬᠡ ᠪᠡᠨ ᠥᠪᠯᠡᠭᠦᠯᠦᠨ ᠪᠠᠢᠵᠤ ᠳᠡᠪᠡᠯ ᠢ᠋ ᠨᠢ ᠤᠷᠠᠯᠠᠪᠠ
ᠠᠢ ᠬᠦ ᠰᠠᠢᠬᠠᠨ ᠮᠣᠩᠭᠣᠯ ᠭᠣᠶᠣᠯᠠᠯ ᠮᠢᠨᠢ
ᠠᠰᠢᠳᠠ ᠶ᠋ᠢᠨ ᠪᠡᠯᠭᠡ ᠲᠡᠢ ᠳᠡᠭᠡᠳᠦᠰ ᠦ᠋ᠨ ᠰᠣᠶᠣᠯ ᠮᠢᠨᠢ
ᠵᠠᠭᠤᠨ ᠵᠠᠭᠤᠨ ᠵᠢᠯ ᠵᠢᠯ ᠳ᠋ᠡᠭᠡᠨ ᠥᠪᠯᠡᠭᠦᠯᠦᠨ ᠦᠯᠡᠳᠡᠭᠡᠵᠦ
ᠵᠢᠷᠤᠭ ᠤ᠋ᠨ ᠡᠨᠡ ᠶᠢᠷᠲᠢᠨᠴᠦ ᠶ᠋ᠢ ᠴᠢᠮᠡᠭᠯᠡᠬᠦ ᠪᠣᠯᠲᠤᠭᠠᠢ
ᠮᠣᠩᠭᠣᠯ ᠢ᠋ᠶ᠋ᠠᠷ ᠢ᠋ᠶ᠋ᠠᠨ ᠭᠤᠶᠤᠭᠠᠳ ᠭᠠᠷᠬᠤ ᠳ᠋ᠤ᠌
ᠲᠩᠷᠢ ᠶ᠋ᠢᠨ ᠲᠦᠮᠡᠨ ᠣᠳᠣᠳ ᠳᠡᠪᠡᠯ ᠢ᠋ ᠮᠢᠨᠢ ᠬᠡᠯᠡᠨ᠎ᠡ
ᠮᠣᠩᠭᠣᠯ ᠢ᠋ᠶ᠋ᠠᠷ ᠴᠢᠮᠡᠭᠡᠳ ᠭᠠᠷᠬᠤ ᠳ᠋ᠤ᠌
ᠳᠡᠯᠡᠬᠡᠢ ᠶ᠋ᠢᠨ ᠬᠠᠷᠠᠴᠠ ᠨᠢ ᠨᠠᠳᠠ ᠳᠡᠭᠡᠷ᠎ᠡ ᠡᠷᠭᠢᠴᠡᠨ᠎ᠡ
ᠰᠠᠭᠠᠯᠢᠴᠢᠨ ᠪᠦᠰᠡᠭᠦᠢ ᠶ᠋ᠢᠨ ᠡᠩᠭᠡᠷ ᠨᠢ ᠰᠦ ᠶ᠋ᠢᠨ ᠦᠨᠦᠷ ᠲᠡᠢ
ᠰᠠᠢᠬᠠᠨ ᠪᠤᠭᠤᠷᠤᠯ ᠤ᠋ᠨ ᠳᠡᠪᠡᠯ ᠨᠢ ᠪᠤᠶᠠᠨ ᠨᠦᠮᠵᠦᠭ ᠲᠡᠢ
ᠮᠣᠷᠢᠲᠠᠨ ᠵᠠᠯᠠᠭᠤᠰ ᠤ᠋ᠨ ᠬᠣᠷᠮᠣᠢ ᠨᠢ ᠲᠩᠷᠢ ᠶ᠋ᠢᠨ ᠰᠠᠯᠬᠢ ᠲᠠᠢ
ᠮᠢᠨᠦ ᠮᠣᠩᠭᠣᠯ ᠭᠣᠶᠣᠯᠠᠯ ᠮᠢᠨᠢ ᠠᠰᠢᠳᠠ ᠶ᠋ᠢᠨ ᠤᠪᠠᠳᠢᠰ ᠲᠠᠢ
ᠡᠳ᠋ ᠨᠢ ᠬᠡᠪᠡᠷᠡᠭ ᠴᠦ᠍ ᠡᠵᠡᠨ ᠨᠢ ᠮᠥᠩᠬᠡᠷᠡᠬᠦ ᠪᠣᠯᠲᠤᠭᠠᠢ
ᠡᠷᠭᠢᠬᠦ ᠳᠡᠯᠡᠬᠡᠢ ᠶ᠋ᠢᠨ ᠬᠠᠮᠢᠭ᠎ᠠ ᠨᠢ ᠴᠦ᠍ ᠳᠠᠭᠤᠷᠢᠰᠬᠤ ᠪᠣᠯᠲᠤᠭᠠᠢ
ᠡᠴᠢᠭᠡ ᠳᠡᠭᠡᠳᠦᠰ ᠦ᠋ᠨ ᠰᠦᠷ ᠰᠦᠯᠳᠡ ᠣᠷᠣᠰᠢᠬᠤ ᠪᠣᠯᠲᠤᠭᠠᠢ
ᠡᠨᠡ ᠯᠡ ᠮᠣᠩᠭᠣᠯ ᠭᠣᠶᠣᠯᠠᠯ ᠮᠢᠨᠢ ᠤᠯᠠᠮᠵᠢᠯᠠᠬᠤ ᠪᠣᠯᠲᠤᠭᠠᠢ
ᠮᠠᠨᠳᠤᠬᠤ ᠤᠷᠠᠯᠠᠨ ᠪᠢᠴᠢᠵᠦ
ᠠᠯᠲᠨᠨᠰᠥ᠋ᠮᠪᠦᠷ ᠠᠮᠢᠯᠠᠭᠤᠯᠤᠨ ᠰᠡᠢᠷᠡᠭᠦᠯᠪᠡᠢ᠃
ᠬᠢᠨᠠᠭᠴᠢ᠄ ᠲᠤᠶᠠᠭ᠎ᠠ᠂ ᠲᠦᠮᠡᠨᠴᠡᠴᠡᠭ
ᠺᠣᠮᠫᠢᠦ᠋ᠲ᠋ᠧᠷ ᠦ᠋ᠨ ᠬᠢᠨᠠᠭᠴᠢ᠄ ᠬᠠᠨᠳᠠᠵᠠᠪ
