ᠮᠣᠩᠭᠣᠯ ᠪᠢᠴᠢᠭ ᠮᠢᠨᠦ -ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠪᠢᠴᠢᠭ ᠮᠢᠨᠦ -ᠮᠠᠨᠳᠤᠬᠤ ᠪᠠᠭᠰᠢ ᠶᠢᠨ ᠤᠷᠠᠨ ᠪᠢᠴᠢᠯᠭᠡ

ᠮᠣᠩᠭᠣᠯ ᠪᠢᠴᠢᠭ ᠮᠢᠨᠦ -ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-11-11

480

ᠮᠣᠩᠭᠣᠯ ᠪᠢᠴᠢᠭ ᠮᠢᠨᠦ


ᠨᠠᠷᠠᠨ ᠤ᠋ ᠰᠠᠴᠤᠷᠠᠭ ᠲᠠᠢ ᠰᠦᠯᠵᠢᠵᠦ ᠪᠢᠴᠢᠭᠰᠡᠨ 
ᠨᠠᠮᠢᠷᠠᠭ᠎ᠠ ᠪᠣᠷᠣᠭ᠎ᠠ ᠲᠠᠢ ᠰᠦᠯᠡᠵᠦ ᠪᠡᠷᠯᠡᠭᠰᠡᠨ 
ᠡᠪᠦᠭᠡᠳ ᠦ᠋ᠨ ᠵᠠᠷᠯᠢᠭ ᠢ᠋ ᠰᠤᠷᠭᠠᠭᠰᠠᠨ ᠭᠡᠭᠡᠷᠡᠯ 
ᠦᠷ᠎ᠡ ᠬᠣᠢᠴᠢᠰ ᠲᠠᠭᠠᠨ ᠦᠯᠡᠳᠡᠭᠡᠬᠦ ᠮᠥᠩᠬᠡ ᠶ᠋ᠢᠨ ᠪᠣᠰᠤᠭ᠎ᠠ ᠪᠢᠴᠢᠭ ᠃

ᠬᠥᠮᠦᠨ ᠴᠢᠯᠠᠭᠤᠳ ᠲᠠᠢ ᠪᠠᠨ ᠪᠣᠰᠬᠠᠵᠤ ᠰᠡᠢᠯᠦᠭᠰᠡᠨ 
ᠬᠥᠬᠡ ᠲᠤᠭ ᠰᠦᠯᠳᠡ ᠳ᠋ᠡᠭᠡᠨ ᠪᠣᠰᠤᠭ᠎ᠠ ᠰᠡᠢᠷᠡᠭᠦᠯᠦᠭᠰᠡᠨ 
ᠮᠡᠷᠭᠡᠳ ᠦ᠋ᠨ ᠰᠤᠷᠭᠠᠯ ᠢ᠋ ᠴᠡᠴᠡᠯᠡᠭᠰᠡᠨ ᠱᠠᠰᠲᠢᠷ 
ᠮᠡᠬᠦᠢᠨ ᠬᠦᠨᠳᠦᠯᠡᠨ ᠳᠡᠭᠡᠳᠦᠯᠡᠬᠦ ᠮᠥᠩᠬᠡ ᠶ᠋ᠢᠨ ᠪᠣᠰᠤᠭ᠎ᠠ ᠪᠢᠴᠢᠭ ᠃

ᠬᠤᠭᠤᠷ ᠤ᠋ᠨ ᠠᠶᠠᠯᠭᠤᠨ ᠳ᠋ᠤ᠌ ᠬᠠᠢᠯᠠᠬᠤ ᠳᠣᠮᠣᠭ ᠲᠤᠤᠯᠢ ᠶᠤᠮ
ᠬᠤᠳᠤᠮ ᠮᠣᠩᠭᠣᠯ ᠠᠮᠢᠨ ᠪᠢᠴᠢᠭ ᠮᠢᠨᠦ
ᠮᠥᠩᠬᠡᠷᠡᠬᠦ ᠶ᠋ᠢᠨ ᠲᠠᠪᠢᠯᠠᠩ ᠲᠠᠢ ᠬᠡᠯᠡ ᠥᠪ ᠰᠣᠶᠣᠯ ᠲᠠᠢ ᠪᠠᠨ
ᠮᠥᠩᠬᠡᠲᠡ ᠣᠷᠣᠰᠢᠬᠤ ᠪᠢᠳᠡᠨ ᠦ᠌ ᠮᠣᠩᠭᠣᠯ ᠪᠢᠴᠢᠭ ᠮᠢᠨᠦ ᠃

ᠮᠣᠷᠢᠨ ᠳᠡᠯ ᠳᠡᠭᠡᠷ᠎ᠡ ᠲᠠᠲᠠᠯᠠᠭᠰᠠᠨ ᠪᠣᠰᠤᠭ᠎ᠠ ᠵᠠᠷᠯᠢᠭ
ᠮᠣᠩᠭᠣᠯ ᠤ᠋ᠨ ᠨᠢᠭᠤᠴᠠ ᠲᠣᠪᠴᠢᠶᠠᠨ ᠳ᠋ᠤ᠌ ᠰᠤᠳᠤᠷᠯᠠᠵᠤ ᠪᠢᠴᠢᠭᠰᠡᠨ
ᠲᠩᠷᠢ ᠶ᠋ᠢᠨ ᠵᠠᠷᠯᠢᠭ ᠢ ᠪᠠᠭᠤᠯᠭᠠᠵᠤ ᠳᠠᠷᠤᠭᠰᠠᠨ ᠲᠠᠮᠠᠭ᠎ᠠ
ᠲᠢᠪ ᠳᠡᠯᠡᠬᠡᠢ ᠳ᠋ᠦ᠍ ᠴᠤᠤᠲᠠᠢ ᠮᠥᠩᠬᠡ ᠶ᠋ᠢᠨ ᠪᠣᠰᠤᠭ᠎ᠠ ᠪᠢᠴᠢᠭ᠃

ᠬᠠᠨ ᠲᠩᠷᠢ ᠶ᠋ᠢᠨ ᠪᠣᠱᠣᠭ ᠠ᠋ᠴᠠ ᠭᠠᠵᠠᠷ ᠲᠤ᠌ ᠥᠭᠭᠦᠭᠰᠡᠨ ᠵᠠᠯᠠᠯᠭ᠎ᠠ
ᠬᠠᠲᠤᠨ ᠳᠡᠯᠡᠬᠡᠢ ᠶ᠋ᠢᠨ ᠠᠭᠤᠯᠠᠰ ᠢ᠋ ᠬᠣᠯᠪᠣᠵᠤ ᠵᠢᠷᠤᠭᠰᠠᠨ ᠵᠢᠷᠤᠯᠭ᠎ᠠ
ᠮᠥᠷᠡᠨ ᠭᠣᠣᠯ ᠤ᠋ᠨ ᠭᠤᠯᠳᠤᠷᠢᠯ ᠠ᠋ᠴᠠ ᠲᠠᠲᠠᠵᠤ ᠲᠤᠩᠭᠠᠭᠰᠠᠨ ᠴᠠᠴᠤᠯᠭ᠎ᠠ
ᠮᠣᠩᠭᠣᠯ ᠲᠦᠮᠡᠨ ᠦ᠌ ᠥᠪ ᠰᠣᠶᠣᠯ ᠮᠥᠩᠬᠡ ᠶᠢᠨ ᠪᠣᠰᠤᠭ᠎ᠠ ᠪᠢᠴᠢᠭ ᠃

ᠬᠤᠭᠤᠷ ᠤ᠋ᠨ ᠠᠶᠠᠯᠭᠤᠨ ᠳ᠋ᠤ᠌ ᠬᠠᠢᠯᠠᠬᠤ ᠳᠣᠮᠣᠭ ᠲᠤᠤᠯᠢ ᠶᠤᠮ
ᠬᠤᠳᠤᠮ ᠮᠣᠩᠭᠣᠯ ᠠᠮᠢᠨ ᠪᠢᠴᠢᠭ ᠮᠢᠨᠦ
ᠮᠥᠩᠬᠡᠷᠡᠬᠦ ᠶ᠋ᠢᠨ ᠲᠠᠪᠢᠯᠠᠩ ᠲᠠᠢ ᠬᠡᠯᠡ ᠥᠪ ᠰᠣᠶᠣᠯ ᠲᠠᠢ ᠪᠠᠨ
ᠮᠥᠩᠬᠡᠲᠡ ᠣᠷᠣᠰᠢᠬᠤ ᠪᠢᠳᠡᠨ ᠦ᠌ ᠮᠣᠩᠭᠣᠯ ᠪᠢᠴᠢᠭ ᠮᠢᠨᠦ 
ᠮᠥᠩᠬᠡᠲᠡ ᠣᠷᠣᠰᠢᠬᠤ ᠪᠢᠳᠡᠨ ᠦ᠌ ᠮᠣᠩᠭᠣᠯ ᠪᠢᠴᠢᠭ ᠮᠢᠨᠦ ᠃
     
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ ᠄ ᠮᠡᠷᠭᠡᠨᠪᠢᠯᠢᠭ