ᠪᠣᠳᠣᠯ ᠲᠥᠭᠡᠷᠢᠭᠳᠡᠭᠰᠡᠨ ᠨᠠᠮᠤᠷ -ᠰᠢᠨ᠎ᠡБодол төөрөгдсөн намар-Шинэ ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠳᠣᠯ ᠲᠥᠭᠡᠷᠢᠭᠳᠡᠭᠰᠡᠨ ᠨᠠᠮᠤᠷ -ᠰᠢᠨ᠎ᠡБодол төөрөгдсөн намар-Шинэ

ᠪᠣᠳᠣᠯ ᠲᠥᠭᠡᠷᠢᠭᠳᠡᠭᠰᠡᠨ ᠨᠠᠮᠤᠷ -ᠰᠢᠨ᠎ᠡБодол төөрөгдсөн намар-Шинэ

2024-11-08

1674

ᠪᠣᠳᠣᠯ ᠲᠥᠭᠡᠷᠢᠭᠳᠡᠭᠰᠡᠨ ᠨᠠᠮᠤᠷ

  ᠰᠢᠨ᠎ᠡ 
ᠪᠤᠴᠠᠬᠤ ᠪᠠᠨ ᠮᠠᠷᠲᠠᠭᠰᠠᠨ ᠨᠠᠮᠤᠷ 
ᠪᠣᠷᠣᠭᠠᠨ ᠱᠠᠭᠢᠵᠤ ᠵᠦᠰᠡᠷᠡᠨ᠎ᠡ 
ᠪᠣᠭᠣᠵᠢ ᠲᠠᠢ ᠡᠪᠡᠰᠦ ᠶ᠋ᠢ ᠳᠡᠪᠲᠦᠭᠡᠵᠦ 
ᠪᠣᠳᠣᠯ ᠰᠡᠳᠬᠢᠯ ᠢ᠋ ᠳᠡᠩᠰᠡᠯᠭᠡᠨ᠎ᠡ 

ᠬᠠᠷᠢᠬᠤ ᠪᠠᠨ ᠮᠡᠳᠡᠬᠦ ᠦᠭᠡᠢ ᠨᠠᠮᠤᠷ 
ᠬᠠᠯᠠᠭᠤᠨ ᠵᠤᠨ ᠰᠢᠭ᠋ ᠪᠣᠷᠣᠭᠠᠯᠠᠨ᠎ᠠ 
ᠬᠠᠳᠤᠭᠰᠠᠨ ᠡᠪᠡᠰᠦ ᠬᠠᠷᠠᠯᠠᠵᠤ 
ᠬᠠᠰᠢᠷ ᠮᠠᠯᠴᠢᠳ ᠢ᠋ ᠲᠠᠷᠴᠢᠯᠭᠠᠨ᠎ᠠ 

ᠡᠭᠦᠯᠡ ᠮᠠᠨᠠᠨ ᠢᠰᠡᠭᠡᠢᠷᠡᠭᠡᠳ 
ᠥᠨᠵᠢᠵᠦ ᠬᠣᠨᠣᠯ ᠦᠭᠡᠢ ᠪᠣᠷᠣᠭᠠᠯᠠᠨ᠎ᠠ 
ᠦᠷᠡᠯᠡᠵᠦ ᠬᠠᠲᠠᠭᠰᠠᠨ ᠤᠷᠭᠤᠮᠠᠯ 
ᠦᠨᠳᠦᠰᠦ ᠬᠠᠳᠬᠤᠨ ᠰᠣᠶᠣᠭᠠᠯᠠᠨ᠎ᠠ

ᠨᠠᠮᠤᠷ ᠤ᠋ᠨ ᠰᠢᠷᠭᠠᠯ ᠲᠡᠨᠡᠭ ᠨᠠᠷᠠ
ᠨᠠᠷᠰᠢᠵᠤ ᠬᠠᠯᠠᠮᠠᠷ ᠲᠥᠭᠡᠨᠡᠵᠡᠢ
ᠨᠠᠢᠷ ᠨᠠᠭᠠᠳᠤᠮ ᠣᠯᠠᠰᠢᠷᠠᠭᠠᠳ
ᠨᠠᠢᠵᠠ ᠶ᠋ᠢᠨ ᠲᠣᠭᠣᠷᠢᠭ ᠲᠤ᠌ ᠬᠥᠭᠯᠡᠷᠡᠵᠡᠢ

ᠨᠠᠭᠤᠷ ᠢ᠋ᠶ᠋ᠠᠨ ᠴᠢᠮᠡᠭᠰᠡᠨ ᠭᠠᠯᠠᠭᠤᠳ
ᠨᠡᠭᠦᠳᠡᠯ ᠢ᠋ᠶ᠋ᠡᠨ ᠮᠠᠷᠲᠠᠭᠠᠳ ᠭᠠᠩᠭᠠᠨᠠᠨ᠎ᠠ
ᠨᠥᠮᠥᠷᠢ ᠳ᠋ᠦ᠍ ᠬᠣᠷᠭᠣᠳᠠᠭᠰᠠᠨ ᠴᠡᠴᠡᠭ
ᠨᠠᠪᠴᠢᠯᠠᠵᠤ ᠳᠡᠯᠭᠡᠷᠡᠭᠡᠳ ᠭᠠᠩᠬᠤᠯᠵᠠᠨ᠎ᠠ

ᠴᠠᠰᠤ᠂ ᠪᠣᠷᠣᠭᠠᠨ ᠡᠭᠡᠯᠵᠢᠯᠡᠭᠡᠳ
ᠴᠠᠷᠴᠠᠵᠤ ᠬᠥᠯᠳᠡᠬᠦ ᠪᠡᠨ ᠮᠠᠷᠲᠠᠵᠠᠢ
ᠴᠠᠭᠠᠳᠤᠬᠢ ᠠᠵᠢᠯ ᠤ᠋ᠳ ᠰᠤᠨᠵᠢᠷᠠᠭᠠᠳ
ᠴᠠᠭ ᠢ᠋ᠶ᠋ᠠᠨ ᠬᠦᠯᠢᠶᠡᠭᠡᠳ ᠣᠪᠣᠭᠠᠷᠠᠵᠠᠢ

ᠡᠪᠦᠯ᠂ ᠨᠠᠮᠤᠷ ᠬᠤᠳᠬᠤᠯᠳᠤᠭᠠᠳ
ᠡᠯᠳᠡᠪ ᠥᠩᠭᠡ ᠶ᠋ᠢᠨ ᠡᠭᠡᠰᠢᠭ ᠲᠡᠢ
ᠡᠷᠭᠢᠬᠦ ᠤᠯᠠᠷᠢᠯ ᠵᠥᠷᠢᠴᠡᠯᠳᠦᠭᠡᠳ
ᠥᠩᠭᠡᠷᠡᠬᠦ ᠬᠣᠨᠣᠭ ᠤ᠋ᠳ ᠦᠯᠢᠭᠡᠷ ᠲᠡᠢ

ᠨᠠᠮᠤᠷ ᠤ᠋ᠨ ᠬᠤᠷᠢᠶᠠᠯᠲᠠ ᠬᠠᠷᠰᠢᠯᠠᠭᠳᠠᠭᠠᠳ
ᠨᠠᠮᠠᠶ᠋ᠢ ᠴᠢᠮᠠᠶ᠋ᠢ ᠪᠠᠴᠢᠮᠳᠠᠭᠤᠯᠤᠨ᠎ᠠ
ᠨᠠᠢᠷᠰᠠᠭ ᠶᠢᠷᠲᠢᠨᠴᠦ ᠥᠭᠡᠷᠡᠴᠢᠯᠡᠭᠳᠡᠭᠡᠳ
ᠨᠠᠭᠠᠳᠤᠬᠢ ᠪᠣᠳᠣᠯ ᠲᠥᠭᠡᠷᠢᠭᠳᠡᠭᠰᠡᠨ ᠨᠠᠮᠤᠷ᠁

  ᠦᠰᠦᠭ ᠠᠮᠢᠯᠠᠭᠤᠯᠤᠭᠴᠢ᠄ ᠰᠢᠨ᠎ᠡ
  ᠬᠢᠨᠠᠭᠴᠢ᠄ ᠣᠳᠬᠠᠨᠰᠣ᠎ᠠ