ᠡᠬᠡ ᠬᠡᠯᠡ ᠮᠢᠨᠢ -ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠬᠡᠯᠡ ᠮᠢᠨᠢ -ᠮᠠᠨᠳᠤᠬᠤ ᠪᠠᠭᠰᠢ ᠶᠢᠨ ᠤᠷᠠᠨ ᠪᠢᠴᠢᠯᠭᠡ

ᠡᠬᠡ ᠬᠡᠯᠡ ᠮᠢᠨᠢ -ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-11-08

1125

ᠡᠬᠡ ᠬᠡᠯᠡ ᠮᠢᠨᠢ


 ᠠᠪᠤ ᠶ᠋ᠢᠨ ᠠ ᠪᠠᠷ ᠲᠢᠳᠠᠮᠯᠠᠨ ᠠᠮᠢᠯᠠᠭᠰᠠᠨ  
 ᠡᠵᠢ ᠶ᠋ᠢᠨ ᠠ᠋ ᠪᠠᠷ ᠡᠰᠡᠨᠢᠨ ᠳᠡᠯᠭᠡᠷᠡᠭᠰᠡᠨ  
 ᠡᠭᠡᠰᠢᠭ ᠭᠡᠢᠭᠦᠯᠦᠭᠴᠢ ᠪᠡᠷ ᠡᠪᠯᠡᠨ ᠪᠦᠲᠦᠭᠰᠡᠨ  
 ᠡᠷᠳᠡᠮ ᠵᠢᠳᠬᠦᠯ ᠢ᠋ᠶ᠋ᠡᠷ ᠥᠪᠯᠡᠵᠦ ᠢᠷᠡᠭᠰᠡᠨ      
     ᠡᠬᠡ ᠬᠡᠯᠡ ᠮᠣᠩᠭᠣᠯ ᠬᠡᠯᠡ ᠮᠢᠨᠢ   
     ᠠᠯᠤᠰ ᠤ᠋ᠨ ᠵᠠᠭᠤᠨ ᠤ᠋ ᠭᠡᠷᠡᠯᠲᠦ ᠬᠥᠰᠢᠶ᠎ᠡ ᠮᠢᠨᠢ  

 ᠳᠡᠯᠡᠬᠡᠢ ᠳ᠋ᠦ᠍ ᠪᠢᠴᠢᠭᠰᠡᠨ ᠦᠰᠦᠭ ᠨᠢ ᠪᠣᠰᠤᠭ᠎ᠠ  
 ᠳᠡᠯᠭᠡᠵᠦ ᠲᠣᠪᠴᠢᠯᠠᠭᠰᠠᠨ ᠰᠤᠳᠤᠷ ᠨᠢ ᠠᠷᠢᠭᠤᠨ  
 ᠳᠡᠭᠡᠳᠦᠰ ᠢ᠋ᠶ᠋ᠡᠷ ᠡᠰᠢᠯᠡᠭᠰᠡᠨ ᠲᠡᠦᠬᠡ ᠨᠢ ᠥᠷᠯᠥᠭ  
 ᠳᠠᠪᠰᠢᠯ ᠮᠠᠨᠳᠤᠯ ᠳ᠋ᠤ᠌ ᠭᠠᠪᠢᠶ᠎ᠠ ᠨᠢ ᠦᠯᠡᠮᠵᠢᠬᠡᠨ           
     ᠡᠬᠡ ᠬᠡᠯᠡ ᠮᠣᠩᠭᠣᠯ ᠬᠡᠯᠡ ᠮᠢᠨᠢ    
     ᠠᠷᠢᠭᠤᠨ ᠦᠢᠯᠡᠰ ᠦ᠋ᠨ ᠭᠠᠩ ᠲᠤᠯᠭ᠎ᠠ ᠮᠢᠨᠢ  

 ᠤᠯᠠᠭ᠎ᠠ ᠵᠠᠯᠭᠠᠨ ᠥᠮᠴᠢᠯᠡᠵᠦ ᠥᠭᠬᠦ  
 ᠤᠯᠪᠠᠭ᠎ᠠ ᠲᠡᠳᠡᠨ ᠬᠠᠮᠠᠭᠠᠯᠠᠵᠤ ᠶᠠᠪᠤᠬᠤ  
 ᠤᠬᠠᠭᠠᠨ ᠪᠣᠳᠣᠯ ᠳ᠋ᠠᠭᠠᠨ ᠤᠴᠢᠭᠯᠠᠨ ᠳᠡᠭᠡᠳᠦᠯᠡᠬᠦ  
 ᠤᠳᠤᠮ ᠬᠣᠢᠴᠢᠰ ᠲᠠᠭᠠᠨ ᠤᠴᠢᠷᠯᠠᠨ ᠦᠯᠡᠳᠡᠭᠡᠬᠦ    
     ᠡᠬᠡ ᠬᠡᠯᠡ ᠮᠣᠩᠭᠣᠯ ᠬᠡᠯᠡ ᠮᠢᠨᠢ    
     ᠠᠶᠠᠨ ᠤ᠋ ᠬᠣᠯᠠ ᠶ᠋ᠢᠨ ᠠᠯᠲᠠᠨ ᠳᠥᠷᠥᠭᠡ          

       ᠦᠰᠦᠭ ᠠᠮᠢᠯᠠᠭᠤᠯᠤᠭᠰᠠᠨ ᠨᠢ᠄ ᠮᠥᠩᠭᠥᠨ