ᠠᠷᠪᠠᠨ ᠬᠣᠶᠠᠷ ᠵᠢᠯ -ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠪᠠᠨ ᠬᠣᠶᠠᠷ ᠵᠢᠯ -ᠮᠠᠨᠳᠤᠬᠤ ᠪᠠᠭᠰᠢ ᠶᠢᠨ ᠤᠷᠠᠨ ᠪᠢᠴᠢᠯᠭᠡ

ᠠᠷᠪᠠᠨ ᠬᠣᠶᠠᠷ ᠵᠢᠯ -ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-11-07

755

ᠠᠷᠪᠠᠨ ᠬᠣᠶᠠᠷ ᠵᠢᠯ -ᠮᠠᠨᠳᠤᠬᠤ ᠪᠠᠭᠰᠢ ᠶᠢᠨ ᠤᠷᠠᠨ ᠪᠢᠴᠢᠯᠭᠡ


      ᠮᠣᠩᠭᠣᠯ ᠠᠷᠠᠳ ᠤ᠋ᠨ ᠳᠠᠭᠤᠤ 
      ᠨᠠᠢᠷ ᠬᠠᠮᠲᠤᠯᠢᠭ 

ᠡᠷᠳᠡᠨᠢ ᠶ᠋ᠢᠨ ᠵᠦᠢᠯᠡᠰ ᠢ᠋ᠶ᠋ᠡᠷ ᠪᠥᠭᠡᠯᠵᠢᠭᠡᠳ ᠪᠠᠢᠳᠠᠭ 
ᠡᠷᠡᠦ ᠴᠠᠭᠠᠨ ᠬᠤᠯᠤᠭᠠᠨ᠎ᠠ ᠨᠢᠭᠡᠨ ᠵᠢᠯ 
ᠡᠪᠡᠷ ᠰᠡᠭᠦᠯ ᠨᠢ ᠲᠡᠩᠴᠡᠭᠦᠬᠡᠨ ᠪᠠᠢᠳᠠᠭ 
ᠡᠵᠡᠨ ᠳ᠋ᠡᠭᠡᠨ ᠡᠭᠡᠯᠢ ᠲᠡᠢ ᠦᠬᠡᠷ ᠵᠢᠯ᠃

ᠠᠷᠤ ᠶ᠋ᠢᠨ ᠠᠭᠤᠯᠠᠨ ᠳ᠋ᠤ᠌ ᠠᠯᠠᠭᠯᠠᠭᠠᠳ ᠪᠠᠢᠳᠠᠭ 
ᠠᠯᠠᠭ ᠡᠷᠢᠶᠡᠨ ᠪᠠᠷᠰ ᠭᠤᠷᠪᠠᠨ ᠵᠢᠯ 
ᠳᠡᠯᠡᠬᠡᠢ ᠳᠡᠭᠡᠭᠦᠷ ᠳᠡᠭᠳᠡᠭᠡᠳ ᠪᠠᠢᠳᠠᠭ 
ᠳᠡᠯᠳᠡᠩ ᠴᠢᠬᠢ ᠲᠡᠢ ᠲᠠᠤᠯᠠᠢ ᠳᠥᠷᠪᠡᠨ ᠵᠢᠯ᠃

ᠬᠥᠬᠡ ᠲᠩᠷᠢ ᠳ᠋ᠦ᠍ ᠬᠦᠷᠴᠢᠭᠢᠨᠡᠭᠡᠳ ᠪᠠᠢᠳᠠᠭ
ᠬᠦᠴᠦᠨ ᠶᠡᠬᠡᠲᠡᠢ ᠯᠤᠤ ᠲᠠᠪᠤᠨ ᠵᠢᠯ
ᠴᠠᠭ ᠦᠷᠭᠦᠯᠵᠢ ᠴᠠᠭᠠᠷᠢᠭᠯᠠᠭᠠᠳ ᠪᠠᠢᠳᠠᠭ
ᠴᠠᠭᠠᠨ ᠡᠷᠢᠶᠡᠨ ᠮᠣᠭᠠᠢ ᠵᠢᠷᠭᠤᠭᠠᠨ ᠵᠢᠯ᠃

ᠬᠣᠯᠠ ᠶ᠋ᠢᠨ ᠭᠠᠵᠠᠷ ᠢ᠋ ᠲᠣᠪᠴᠢᠯᠠᠭᠠᠳ ᠪᠠᠢᠳᠠᠭ
ᠬᠣᠮᠪᠣᠩ ᠲᠤᠭᠤᠷᠠᠢ ᠲᠠᠢ ᠮᠣᠷᠢ ᠳᠣᠯᠣᠭᠠᠨ ᠵᠢᠯ
ᠬᠣᠲᠣᠭᠣᠷ ᠭᠠᠵᠠᠷ ᠢ᠋ ᠬᠣᠷᠭᠣᠯ ᠢ᠋ᠶ᠋ᠠᠷ ᠳᠦᠭᠦᠷᠭᠡᠳᠡᠭ
ᠬᠣᠮᠪᠣᠩ ᠴᠠᠭᠠᠨ ᠬᠣᠨᠢ ᠨᠠᠢ᠍ᠮᠠᠨ ᠵᠢᠯ᠃

ᠦᠵᠡᠭᠰᠡᠨ ᠪᠦᠭᠦᠳᠡ ᠶ᠋ᠢ ᠡᠯᠡᠭᠯᠡᠭᠡᠳ ᠪᠠᠢᠳᠠᠭ
ᠶᠧᠯᠸᠢᠴᠢᠨ ᠡᠷᠳᠡᠮ ᠲᠡᠢ ᠪᠠᠴᠢ ᠶᠢᠰᠦᠨ ᠵᠢᠯ
ᠦᠷ ᠦ᠋ᠨ ᠵᠢᠩ ᠢ᠋ᠶ᠋ᠡᠷ ᠳᠣᠩᠭᠣᠳᠤᠭᠠᠳ ᠪᠠᠢᠳᠠᠭ
ᠡᠪᠡᠷ ᠬᠣᠰᠢᠭᠤ ᠲᠠᠢ ᠲᠠᠬᠢᠶ᠎ᠠ ᠠᠷᠪᠠᠨ ᠵᠢᠯ᠃

ᠬᠣᠣᠷᠲᠠᠨ ᠳᠠᠢᠰᠤᠨ ᠢ᠋ ᠬᠣᠷᠭᠣᠭᠣᠭᠠᠳ ᠪᠠᠢᠳᠠᠭ
ᠬᠣᠩ ᠬᠣᠩ ᠳᠠᠭᠤ ᠲᠠᠢ ᠨᠣᠬᠠᠢ ᠠᠷᠪᠠᠨ ᠨᠢᠭᠡᠨ ᠵᠢᠯ
ᠠᠷᠤ ᠶ᠋ᠢᠨ ᠭᠠᠵᠠᠷ ᠢ᠋ ᠬᠠᠳᠤᠷᠤᠭᠠᠳ ᠪᠠᠢᠳᠠᠭ
ᠠᠯᠲᠠᠨ ᠰᠣᠶᠣᠭ᠎ᠠ ᠲᠠᠢ ᠭᠠᠬᠠᠢ ᠠᠷᠪᠠᠨ ᠬᠣᠶᠠᠷ ᠵᠢᠯ
ᠠᠷᠪᠠᠨ ᠬᠣᠶᠠᠷ ᠵᠢᠯ᠂ ᠵᠢᠯ᠃
     
   ᠦᠰᠦᠭ ᠠᠮᠢᠯᠠᠭᠤᠯᠤᠭᠴᠢ᠄ ᠨᠠᠷᠠᠨᠲᠣᠭᠣᠰ
      ᠬᠢᠨᠠᠭᠴᠢ᠄ ᠤᠤᠭᠠᠨᠵᠢᠳ