ᠶᠠᠭ ᠯᠠ ᠲᠡᠷᠡ ᠵᠢᠯ ᠦ᠋ᠨ ᠨᠠᠮᠤᠷ ᠰᠢᠭ᠋ ᠨᠠᠮᠤᠷ - ᠷᠠ᠊· ᠴᠢᠯᠠᠭᠤЯг л тэр жилийн намар шиг намар-Ра Чулуу
ᠶᠠᠭ ᠯᠠ ᠲᠡᠷᠡ ᠵᠢᠯ ᠦ᠋ᠨ ᠨᠠᠮᠤᠷ ᠰᠢᠭ᠋ ᠨᠠᠮᠤᠷ
ᠨᠠᠮᠤᠷ ᠴᠠᠭ ᠤ᠋ᠨ ᠳᠤᠷᠠᠳᠬᠠᠯ
ᠷᠠ᠊· ᠴᠢᠯᠠᠭᠤ
ᠲᠣᠷᠭᠠᠨ ᠪᠡᠯᠴᠢᠭᠡᠷ ᠰᠢᠷᠭᠠᠯᠳᠠᠨ ᠰᠡᠪᠡᠯᠵᠡᠭᠦᠷ ᠰᠠᠯᠬᠢᠨ᠎ᠠ ᠭᠠᠩᠬᠤᠴᠢᠬᠠᠭᠰᠠᠨ
ᠲᠣᠭᠣᠭ᠎ᠠ ᠲᠠᠢ ᠰᠦ ᠬᠥᠭᠡᠰᠦᠷᠡᠨ ᠥᠷᠥᠮ᠎ᠡ ᠴᠣᠬᠣᠷᠳᠠᠨ ᠬᠥᠰᠢᠴᠢᠬᠡᠭᠰᠡᠨ
ᠳᠣᠪᠣ ᠶ᠋ᠢᠨ ᠣᠷᠣᠢ ᠪᠠᠷ ᠴᠠᠢᠯᠵᠠᠨ ᠣᠲᠣᠷ ᠰᠤᠪᠤᠳᠠᠭ ᠪᠠᠭᠤᠴᠢᠬᠠᠭᠰᠠᠨ
ᠲᠤᠨᠤᠮᠠᠯ ᠵᠠᠳᠠᠭᠠᠢ ᠮᠡᠯᠲᠡᠭᠡᠨᠡᠨ ᠮᠡᠯᠡᠬᠡᠢ ᠭᠤᠸᠠᠭᠯᠠᠨ ᠳᠤᠤᠭᠠᠷᠴᠢᠬᠠᠭᠰᠠᠨ
ᠲᠣᠭᠣᠷᠤᠤ ᠲᠣᠭᠣᠳᠠᠭ ᠬᠣᠣᠰ ᠢ᠋ᠶ᠋ᠠᠷ ᠢ᠋ᠶ᠋ᠠᠨ ᠵᠤᠰᠠᠮᠠᠯ ᠤ᠋ᠨ ᠬᠢᠷ᠎ᠠ ᠪᠠᠷ ᠭᠣᠩᠬᠤᠴᠢᠬᠠᠭᠰᠠᠨ
ᠲᠤᠭᠤᠯ ᠬᠠᠷᠢᠭᠤᠯᠤᠭᠰᠠᠨ ᠬᠡᠦᠬᠡᠳ ᠦ᠋ᠳ ᠠᠯᠴᠢᠭᠤᠷ ᠬᠠᠶᠠᠭᠠᠳ ᠲᠣᠭᠯᠠᠴᠢᠬᠠᠭᠰᠠᠨ
ᠶᠠᠭ ᠯᠠ ᠲᠡᠷᠡ ᠵᠢᠯ ᠦ᠋ᠨ ᠨᠠᠮᠤᠷ ᠰᠢᠭ᠋ ᠨᠠᠮᠤᠷ ᠠ᠋᠃
ᠡᠮᠡᠭᠡᠯ ᠲᠣᠬᠣᠢᠯᠠᠭᠠᠳ ᠶᠠᠭᠠᠷᠠᠩᠬᠠᠨ ᠠᠷᠭᠠᠮᠵᠢᠶ᠎ᠠ ᠲᠠᠢ ᠮᠣᠷᠢᠨ ᠵᠦᠭ ᠠᠯᠬᠤᠴᠢᠬᠠᠭᠰᠠᠨ
ᠡᠷᠲᠡ ᠶ᠋ᠢᠨ ᠰᠡᠷᠢᠭᠦᠨ ᠳ᠋ᠦ᠍ ᠠᠪᠤ ᠬᠣᠨᠢ ᠪᠠᠨ ᠢᠰᠬᠢᠷᠦᠨ ᠬᠥᠳᠡᠯᠭᠡᠴᠢᠬᠡᠭᠰᠡᠨ
ᠡᠵᠢ ᠦᠷ ᠴᠥᠷ ᠢ᠋ᠶ᠋ᠡᠷ ᠦᠨᠢᠶ᠎ᠡ ᠪᠡᠨ ᠰᠠᠭᠠᠭᠠᠳ ᠪᠤᠵᠢᠭᠢᠨᠠᠴᠢᠬᠠᠭᠰᠠᠨ
ᠡᠮᠡᠭᠡ ᠰᠠᠪᠠᠷ ᠪᠠᠷᠢᠭᠠᠳ ᠠᠷᠭᠠᠯ ᠳᠡᠯᠭᠡᠭᠡᠳ ᠮᠠᠢᠵᠢᠭᠢᠨᠠᠴᠢᠬᠠᠭᠰᠠᠨ
ᠡᠪᠦᠭᠡ ᠳᠡᠭᠡᠭᠡ ᠢᠷᠯᠡᠵᠦ ᠠᠷᠠᠰᠤ ᠡᠯᠳᠡᠭᠡᠳ ᠪᠦᠭᠴᠢᠭᠡᠨᠡᠴᠢᠬᠡᠭᠰᠡᠨ
ᠡᠪᠡᠰᠦᠨ ᠨᠠᠮᠠᠭᠠᠨ ᠳᠡᠭᠡᠷ᠎ᠡ ᠭᠣᠯᠢᠶ᠎ᠠ ᠨᠠᠭᠠᠯᠳᠤᠭᠠᠳ ᠵᠢᠷᠭᠢᠴᠢᠬᠡᠭᠰᠡᠨ
ᠶᠠᠭ ᠯᠠ ᠲᠡᠷᠡ ᠵᠢᠯ ᠦ᠋ᠨ ᠨᠠᠮᠤᠷ ᠰᠢᠭ᠋ ᠨᠠᠮᠤᠷ ᠠ᠋
ᠬᠠᠳᠤᠭᠤᠷ ᠰᠠᠨᠳᠤᠤ ᠭᠢᠯᠠᠯᠵᠠᠭᠤᠯᠵᠤ ᠡᠪᠡᠰᠦ ᠬᠠᠳᠤᠭᠠᠳ ᠬᠥᠯᠥᠷᠡᠴᠢᠬᠡᠭᠰᠡᠨ
ᠬᠠᠩᠭᠠᠢ ᠲᠡᠷᠭᠡ ᠴᠦᠷᠦᠭᠦᠯᠵᠦ ᠰᠤᠯᠠ ᠲᠡᠭᠡᠭᠡᠪᠦᠷᠢᠯᠡᠭᠡᠳ ᠭᠠᠩᠬᠤᠭᠤᠯᠴᠢᠬᠠᠭᠰᠠᠨ
ᠬᠠᠪᠢ ᠣᠢᠷ᠎ᠠ ᠰᠠᠭᠠᠬᠠᠯᠲᠠ ᠪᠠᠷ ᠢ᠋ᠶ᠋ᠠᠨ ᠢᠰᠡᠭᠡᠢ ᠵᠤᠯᠠᠭᠠᠳ ᠢᠷᠦᠭᠡᠴᠢᠬᠡᠭᠰᠡᠨ
ᠬᠠᠮ ᠠᠪᠳᠠᠷ᠎ᠠ ᠭᠡᠷ ᠢ᠋ᠶ᠋ᠡᠨ ᠪᠦᠷᠢᠵᠦ ᠭᠠᠳᠠᠭ᠎ᠠ ᠰᠠᠭᠤᠭᠠᠳ ᠣᠶᠣᠴᠢᠬᠠᠭᠰᠠᠨ
ᠬᠠᠮᠢᠭᠠᠭᠤᠷ ᠶᠠᠪᠤᠵᠤ ᠨᠤᠲᠤᠭ ᠦᠵᠡᠨ᠎ᠡ ᠭᠡᠳ ᠡᠪᠦᠭᠡᠴᠦᠳ ᠨᠢ ᠰᠡᠩᠭᠢᠨᠡᠴᠢᠬᠡᠭᠰᠡᠨ
ᠬᠠᠲᠠᠭᠤ ᠡᠪᠦᠯ ᠪᠣᠯᠪᠠᠯ ᠨᠡᠭᠦᠴᠢᠬᠡᠨᠡ ᠭᠡᠳ ᠵᠠᠯᠠᠭᠤᠴᠤᠳ ᠨᠢ ᠲᠥᠯᠥᠪᠯᠡᠴᠢᠬᠡᠭᠰᠡᠨ
ᠶᠠᠭ ᠯᠠ ᠲᠡᠷᠡ ᠵᠢᠯ ᠦ᠋ᠨ ᠨᠠᠮᠤᠷ ᠰᠢᠭ᠋ ᠨᠠᠮᠤᠷ ᠠ᠋
ᠨᠠᠢ᠍ᠮᠠᠨ ᠰᠠᠷ᠎ᠠ ᠶ᠋ᠢᠨ ᠠᠷᠪᠠᠳ ᠢ᠋ᠶ᠋ᠠᠷ ᠬᠣᠨᠢ ᠠᠬᠤᠷᠯᠠᠭᠠᠳ ᠣᠷᠣᠯᠳᠣᠴᠢᠬᠠᠭᠰᠠᠨ
ᠨᠠᠷᠢᠯᠢᠭ ᠰᠢᠷ᠎ᠠ ᠬᠣᠮᠣᠣᠯ ᠢ᠋ᠶ᠋ᠠᠷ ᠨᠡᠬᠡᠢ ᠣᠲᠣᠭᠠᠳ ᠪᠠᠭᠠᠭᠢᠭᠤᠯᠴᠢᠬᠠᠭᠰᠠᠨ
ᠨᠠᠮᠤᠷᠵᠢᠶ᠎ᠠ ᠨᠤᠲᠤᠭ ᠰᠡᠷᠭᠦᠭᠡᠨ᠎ᠡ ᠭᠡᠳ ᠡᠮᠨᠢᠭ ᠭᠣᠨᠢᠳ ᠢ᠋ᠶ᠋ᠠᠨ ᠤᠶᠠᠴᠢᠬᠠᠭᠰᠠᠨ
ᠨᠠᠷᠠ ᠲᠤᠨᠤᠷᠠᠭᠰᠠᠨ ᠡᠳᠦᠷ ᠭᠡᠳ ᠨᠠᠭᠠᠷᠤᠨ ᠳ᠋ᠤ᠌ ᠭᠡᠷ ᠢ᠋ᠶ᠋ᠡᠨ ᠤᠬᠢᠶᠠᠴᠢᠬᠠᠭᠰᠠᠨ
ᠨᠠᠪᠴᠢᠲᠤ ᠤᠷᠭᠤᠮᠠᠯ ᠪᠣᠯᠪᠠᠰᠤᠷᠠᠵᠤ ᠠᠭᠢ ᠵᠡᠭᠡᠷᠭᠡᠨ᠎ᠡ ᠬᠠᠩᠬᠤᠯᠴᠢᠬᠠᠭᠰᠠᠨ
ᠨᠠᠮᠰᠠᠷᠠᠢ ᠪᠤᠷᠬᠠᠨ ᠢ᠋ᠶ᠋ᠠᠨ ᠳᠠᠬᠢᠭᠤᠯᠵᠤ ᠬᠡᠰᠢᠭ ᠳᠠᠯᠠᠯᠭ᠎ᠠ ᠬᠤᠷᠤᠢᠯᠠᠴᠢᠬᠠᠭᠰᠠᠨ
ᠶᠠᠭ ᠯᠠ ᠲᠡᠷᠡ ᠵᠢᠯ ᠦ᠋ᠨ ᠨᠠᠮᠤᠷ ᠰᠢᠭ᠋ ᠨᠠᠮᠤᠷ ᠠ᠋
ᠮᠠᠯ ᠤ᠋ᠨ ᠲᠠᠷᠭᠤ ᠠᠳᠠᠯᠢᠳᠬᠠᠨ᠎ᠠ ᠭᠡᠳ ᠠᠪᠤ ᠨᠠᠷ ᠬᠥᠳᠡᠭᠡᠭᠦᠷ ᠲᠣᠭᠣᠷᠢᠴᠢᠬᠠᠭᠰᠠᠨ
ᠮᠠᠨ ᠤ᠋ ᠬᠢ ᠲᠠᠨ ᠤ᠋ ᠬᠢ ᠰᠠᠢᠨ ᠭᠡᠳ ᠬᠣᠭᠣᠷᠣ ᠬᠣᠭᠣᠷᠣᠨᠳᠣ ᠪᠠᠨ ᠠᠲᠠᠭᠠᠷᠬᠠᠴᠢᠬᠠᠭᠰᠠᠨ
ᠮᠠᠭᠠᠳᠯᠠᠵᠤ ᠲᠣᠭᠲᠠᠭᠠᠬᠤ ᠪᠠᠷᠢᠮᠵᠢᠶ᠎ᠠ ᠭᠡᠳ ᠪᠢᠴᠢᠭ ᠮᠠᠲ᠋ᠧᠷᠢᠶᠠᠯ ᠪᠠᠭᠤᠯᠭᠠᠴᠢᠬᠠᠭᠰᠠᠨ
ᠮᠠᠷᠭᠠᠰᠢ ᠨᠥᠭᠥᠭᠡᠳᠦᠷ ᠬᠤᠷᠠᠯ ᠲᠠᠢ ᠭᠡᠳ ᠪᠠᠷᠢᠭᠠᠳᠠ ᠶ᠋ᠢᠨ ᠳᠠᠷᠤᠭ᠎ᠠ ᠵᠢᠭᠠᠪᠤᠷᠢᠯᠠᠴᠢᠬᠠᠭᠰᠠᠨ
ᠮᠠᠷᠲᠠᠯ ᠦᠭᠡᠢ ᠮᠡᠳᠡᠭᠳᠡᠨ᠎ᠡ ᠭᠡᠳ ᠲᠠᠬᠠᠷᠠ ᠮᠣᠷᠢᠲᠠᠢ ᠳᠠᠪᠬᠢᠴᠢᠬᠠᠭᠰᠠᠨ
ᠮᠠᠭᠠᠳ ᠵᠠᠪᠠᠯ ᠪᠡᠶᠡᠯᠡᠭᠦᠯᠦᠨ᠎ᠡ ᠭᠡᠳ ᠮᠠᠯᠴᠢᠨ ᠲᠦᠮᠡᠨ ᠴᠢᠷᠮᠠᠢᠴᠢᠬᠠᠭᠰᠠᠨ
ᠶᠠᠭ ᠯᠠ ᠲᠡᠷᠡ ᠵᠢᠯ ᠦ᠋ᠨ ᠨᠠᠮᠤᠷ ᠰᠢᠭ᠋ ᠨᠠᠮᠤᠷ ᠠ᠋
ᠬᠥᠳᠡᠯᠮᠦᠷᠢ ᠶ᠋ᠢᠨ ᠪᠦᠲᠦᠭᠡᠯ ᠰᠦᠨᠳᠡᠷᠯᠡᠨ ᠲᠠᠩᠰᠤᠭ ᠨᠠᠮᠤᠷ ᠨᠠᠯᠠᠢᠴᠢᠬᠠᠭᠰᠠᠨ
ᠬᠥᠮᠦᠰᠬᠡᠨ ᠰᠠᠷ᠎ᠠ ᠲᠡᠷᠭᠡᠯᠰᠢᠬᠦ ᠪᠡᠷ ᠠᠭᠢ ᠲᠡᠭᠦᠭᠡᠳ ᠠᠷᠢᠭᠤᠳᠬᠠᠴᠢᠬᠠᠭᠰᠠᠨ
ᠬᠦᠢᠲᠡᠨ ᠰᠢᠭᠦᠳᠡᠷᠢ ᠭᠢᠯᠲᠠᠭᠠᠨᠠᠨ ᠴᠠᠭᠠᠨ ᠬᠢᠷᠠᠭᠤ ᠴᠠᠪᠴᠠᠢᠴᠢᠬᠠᠭᠰᠠᠨ
ᠬᠥᠭᠡᠷᠦᠬᠦᠢ ᠠᠯᠠᠭ ᠭᠠᠯᠠᠭᠤᠳ ᠵᠡᠯᠡᠯᠡᠵᠦ ᠨᠡᠭᠦᠭᠡᠳ ᠭᠠᠩᠭᠠᠨᠠᠴᠢᠬᠠᠭᠰᠠᠨ
ᠬᠦᠯᠦᠭ ᠮᠣᠷᠢᠳ ᠢ᠋ᠶ᠋ᠠᠨ ᠬᠥᠩᠭᠡᠷᠡᠭᠦᠯᠵᠦ ᠳᠡᠯ ᠢ᠋ ᠨᠢ ᠵᠠᠰᠠᠭᠠᠳ ᠭᠠᠩᠭᠠᠯᠠᠴᠢᠬᠠᠭᠰᠠᠨ
ᠬᠥᠯᠮᠥᠭ ᠴᠠᠰᠤ ᠲᠠᠢ ᠥᠷᠯᠥᠭᠡ ᠠᠩ ᠮᠥᠷᠳᠡᠭᠡᠳ ᠳᠤᠩᠰᠢᠭᠤᠯᠴᠢᠬᠠᠭᠰᠠᠨ
ᠶᠠᠭ ᠯᠠ ᠲᠡᠷᠡ ᠵᠢᠯ ᠦ᠋ᠨ ᠨᠠᠮᠤᠷ ᠰᠢᠭ᠋ ᠨᠠᠮᠤᠷ ᠠ᠋
ᠤᠨᠲᠠᠵᠤ ᠠᠮᠲᠠᠷᠬᠠᠨ ᠵᠡᠭᠦᠳᠦᠯᠡᠬᠦ ᠡᠯᠡᠷ ᠪᠠᠯᠠᠷ ᠳᠤᠷᠠᠳᠬᠠᠯ ᠰᠢᠭ᠋
ᠤᠯᠠᠯᠵᠠᠵᠤ ᠳᠦᠷᠡᠯᠵᠡᠨ ᠨᠣᠴᠣᠬᠤ ᠮᠠᠨᠠᠨᠲᠤᠭᠰᠠᠨ ᠬᠥᠬᠡ ᠳᠥᠯᠥ
ᠤᠯᠠᠮᠵᠢᠯᠠᠵᠤ ᠥᠪᠯᠡᠭᠦᠯᠦᠨ ᠥᠭᠬᠦ ᠮᠠᠷᠲᠠᠭᠳᠠᠭᠰᠠᠨ ᠵᠠᠩ ᠦᠢᠯᠡ
ᠤᠬᠠᠭᠠᠷᠠᠵᠤ ᠰᠡᠬᠡᠭᠡᠷᠡᠨ ᠲᠣᠮᠣᠭᠠᠵᠢᠬᠤ ᠮᠣᠩᠭᠣᠯ ᠤ᠋ᠨ ᠦᠷ᠎ᠡ ᠬᠣᠢᠴᠢᠰ
ᠤᠴᠢᠷᠯᠠᠵᠤ ᠬᠠᠭᠤᠴᠢᠯᠠᠨ ᠰᠤᠷᠭᠠᠬᠤ ᠪᠤᠭᠤᠷᠤᠯ ᠳᠡᠭᠡᠳᠦᠰ ᠦ᠋ᠨ ᠲᠡᠦᠬᠡ
ᠤᠷᠠᠯᠢᠭ ᠤ᠋ᠨ ᠠᠯᠲᠠᠨ ᠬᠠᠭᠤᠳᠠᠰᠤᠨ᠎ᠠ ᠰᠢᠩᠬᠤᠯᠠᠵᠤ ᠲᠡᠮᠳᠡᠭᠯᠡᠨ ᠦᠯᠡᠳᠡᠭᠡᠭᠰᠡᠨ
ᠠᠮᠠ ᠳᠠᠮᠵᠢᠭᠰᠠᠨ ᠰᠣᠶᠣᠯ᠂ ᠠᠮᠢᠳᠤᠷᠠᠯ ᠤ᠋ᠨ ᠭᠦᠨ ᠤᠬᠠᠭᠠᠨ ᠪᠤᠶᠤ᠃
2024.9.21.
ᠵᠤᠰᠠᠯᠠᠩ ᠤ᠋ᠨ ᠰᠢᠷᠭᠠᠯ ᠳᠡᠨᠵᠢᠨ ᠳ᠋ᠦ᠍ ᠰᠡᠢᠷᠡᠭᠦᠯᠪᠡ᠃
ᠦᠰᠦᠭ ᠠᠮᠢᠯᠠᠭᠤᠯᠤᠭᠴᠢ᠄ ᠱᠠᠭᠰᠠᠯ
ᠤᠶᠠᠩᠭᠠᠯᠠᠭᠴᠢ᠄ ᠷᠠ᠊᠂ ᠴᠢᠯᠠᠭᠤ
ᠵᠢᠷᠤᠭ ᠲᠥᠰᠥᠪᠯᠡᠭᠴᠢ᠄ ᠨᠠᠨᠳᠢᠨᠵᠤᠯᠠ
ᠦᠰᠦᠭ ᠬᠠᠲᠠᠭᠴᠢ᠄ ᠣᠳᠬᠣᠨᠴᠡᠴᠡᠭ
ᠬᠢᠨᠠᠭᠴᠢ᠄ ᠣᠳᠬᠠᠨᠰᠣ᠎ᠠ
