ᠠᠮᠢᠳᠤᠷᠠᠯ ᠲᠠᠨ ᠤ᠋ ᠠᠯᠠᠭᠠᠨ ᠳ᠋ᠤ᠌ ᠪᠣᠢ -ᠱᠠᠷᠠᠢᠳ·ᠭᠡᠷᠡᠯАмьдрал танай алаанд бэ-Шарайд·Гэрэл
ᠠᠮᠢᠳᠤᠷᠠᠯ ᠲᠠᠨ ᠤ᠋ ᠠᠯᠠᠭᠠᠨ ᠳ᠋ᠤ᠌ ᠪᠣᠢ
ᠵᠣᠬᠢᠶᠠᠭᠴᠢ᠄ ᠱᠠᠷᠠᠢᠳ· ᠭᠡᠷᠡᠯ
ᠴᠡᠴᠡᠨ ᠮᠡᠷᠭᠡᠳ ᠦ᠋ᠨ ᠦᠭᠡ ᠡᠴᠡ
ᠰᠤᠷᠭᠠᠯ ᠶᠠᠭᠤ ᠶ᠋ᠢ ᠨᠢ ᠰᠣᠨᠣᠰᠤᠶᠤ
ᠴᠡᠩᠬᠡᠷ ᠲᠩᠷᠢ ᠶ᠋ᠢᠨ ᠬᠦᠴᠦᠨ ᠢ᠋ᠶ᠋ᠡᠷ
ᠳᠡᠯᠡᠬᠡᠢ ᠳ᠋ᠦ᠍ ᠠᠮᠤᠭᠤᠯᠠᠩ ᠣᠷᠣᠰᠢᠶᠤ
ᠪᠤᠷᠬᠠᠨ ᠭᠡᠳᠡᠭ ᠰᠡᠳᠬᠢᠯ ᠴᠢᠨᠦ ᠵᠢᠷᠦᠬᠡᠨ ᠳ᠋ᠦ᠍ ᠲᠥᠷᠥᠳᠡᠭ ᠶᠦᠮ
ᠪᠤᠶᠠᠨ ᠵᠠᠶᠠᠭ᠎ᠠ ᠭᠡᠳᠡᠭ ᠮᠡᠨᠳᠦᠯᠡᠬᠦ ᠴᠠᠭ ᠠ᠋ᠴᠠ ᠡᠬᠢᠯᠡᠳᠡᠭ ᠶᠦᠮ
ᠠᠮᠢᠳᠤᠷᠠᠯ ᠴᠢᠨᠦ ᠠᠯᠠᠭᠠᠨ ᠳ᠋ᠤ᠌ ᠪᠣᠢ
ᠠᠳᠬᠤ ᠰᠢᠷᠣᠢ ᠳ᠋ᠤ᠌ ᠨᠢ ᠴᠦ᠍ ᠪᠣᠢ
ᠠᠶᠠᠭ᠎ᠠ ᠴᠠᠢ ᠳ᠋ᠤ᠌ ᠨᠢ ᠴᠦ᠍ ᠪᠣᠢ
ᠠᠮᠢᠳᠤᠷᠠᠯ ᠲᠠᠨ ᠤ᠋ ᠠᠯᠠᠭᠠᠨ ᠳᠡᠭᠡᠷ᠎ᠡ ᠪᠣᠢ
ᠭᠤᠲᠤᠷᠠᠵᠤ ᠪᠦᠦ ᠤᠨᠠᠭᠠᠷᠠᠢ ᠬᠡᠢᠮᠣᠷᠢ ᠴᠢᠨᠢ ᠭᠤᠲᠤᠨ᠎ᠠ
ᠭᠣᠮᠣᠳᠠᠵᠤ ᠪᠢᠲᠡᠭᠡᠢ ᠰᠡᠵᠢᠭᠯᠡᠭᠡᠷᠡᠢ ᠤᠬᠠᠭᠠᠨ ᠴᠢᠨᠢ ᠭᠤᠲᠤᠨ᠎ᠠ
ᠪᠠᠶᠠᠷᠯᠠᠵᠤ ᠲᠠᠩᠳᠠ ᠢᠨᠢᠶᠡᠭᠡᠷᠡᠢ ᠴᠡᠴᠡᠭᠡᠰ ᠳᠠᠭᠠᠵᠤ ᠮᠦᠰᠢᠶᠡᠨ᠎ᠡ
ᠪᠠᠬᠠᠷᠬᠠᠵᠤ ᠨᠢᠭᠡᠨ ᠢ᠋ᠶ᠋ᠡᠨ ᠳᠡᠮᠵᠢᠭᠡᠷᠡᠢ ᠠᠮᠢᠳᠤᠷᠠᠯ ᠳᠠᠭᠠᠵᠤ ᠥᠭᠡᠳᠡᠯᠡᠨ᠎ᠡ
ᠠᠮᠢᠳᠤᠷᠠᠯ ᠴᠢᠨᠦ ᠠᠯᠠᠭᠠᠨ ᠳ᠋ᠤ᠌ ᠪᠣᠢ
ᠠᠭᠠᠰᠢ ᠵᠠᠩ ᠳ᠋ᠤ᠌ ᠴᠢᠨᠢ ᠪᠣᠢ
ᠠᠶᠠᠯᠠᠬᠤ ᠳᠠᠭᠤᠨ ᠳ᠋ᠤ᠌ ᠴᠢᠨᠢ ᠴᠤ᠌ ᠪᠣᠢ
ᠠᠮᠢᠳᠤᠷᠠᠯ ᠲᠠᠨ ᠤ᠋ ᠠᠯᠠᠭᠠᠨ ᠳᠡᠭᠡᠷ᠎ᠡ ᠪᠣᠢ
ᠦᠭᠡ ᠬᠥᠭᠡᠭᠡᠬᠦ ᠪᠡᠷ ᠦᠬᠡᠷ ᠬᠥᠬᠡᠭᠡ
ᠦᠨᠡᠨ ᠦ᠌ ᠲᠥᠯᠥᠭᠡ ᠮᠣᠬᠣᠰᠢ ᠦᠭᠡᠢ ᠤᠷᠤᠭᠰᠢᠯᠠ
ᠥᠪᠡᠷ ᠦ᠋ᠨ ᠭᠡᠳᠡᠭ ᠢ᠋ᠶ᠋ᠡᠨ ᠪᠤᠰᠤᠳ ᠲᠠᠢ ᠵᠣᠯᠭᠠᠭᠤᠯᠵᠤ
ᠥᠭᠡᠳᠡ ᠪᠡᠨ ᠮᠠᠨᠳᠤᠬᠤ ᠦᠢᠯᠡᠰ ᠢ᠋ ᠴᠣᠭᠴᠠᠯᠠ
ᠭᠠᠭᠴᠠ ᠮᠣᠳᠣ ᠭᠠᠯ ᠪᠣᠯᠬᠤ ᠦᠭᠡᠢ
ᠭᠠᠯᠪᠠ ᠳᠡᠯᠡᠬᠡᠢ ᠬᠥᠮᠦᠨ ᠢ᠋ᠶ᠋ᠡᠷ ᠳᠤᠲᠠᠬᠤ ᠦᠭᠡᠢ
ᠠᠭᠤᠯᠠ ᠬᠡᠳᠦᠢ ᠥᠨᠳᠥᠷ ᠴᠤ᠌ ᠤᠷᠢᠳᠤ ᠬᠣᠢᠭᠤᠷ ᠢ᠋ᠶ᠋ᠠᠨ ᠵᠠᠮ ᠪᠣᠢ
ᠤᠬᠠᠭᠠᠨ ᠬᠡᠳᠦᠢ ᠭᠦᠨ ᠪᠣᠯᠪᠠᠴᠤ ᠠᠭᠤᠳᠠᠯᠵᠤ ᠨᠡᠭᠡᠭᠡᠬᠦ ᠶ᠋ᠢᠨ ᠤᠴᠢᠷ ᠪᠣᠢ
ᠠᠮᠢᠳᠤᠷᠠᠯ ᠴᠢᠨᠦ ᠠᠯᠠᠭᠠᠨ ᠳ᠋ᠤ᠌ ᠪᠣᠢ
ᠠᠯᠠᠭ ᠵᠢᠷᠦᠬᠡᠨ ᠳ᠋ᠦ᠍ ᠴᠢᠨᠢ ᠪᠣᠢ
ᠠᠷᠢᠭᠤᠨ ᠰᠡᠳᠬᠢᠯ ᠳ᠋ᠦ᠍ ᠴᠢᠨᠢ ᠴᠤ᠌ ᠪᠣᠢ
ᠠᠮᠢᠳᠤᠷᠠᠯ ᠲᠠᠨ ᠤ᠋ ᠠᠯᠠᠭᠠᠨ ᠳᠡᠭᠡᠷ᠎ᠡ ᠪᠣᠢ
ᠠᠯᠠᠭᠠᠨ ᠤ᠋ ᠴᠢᠨᠢ ᠵᠢᠷᠤᠭᠠᠰᠤᠨ ᠳ᠋ᠤ᠌ ᠠᠮᠢᠳᠤᠷᠠᠯ ᠵᠢᠷᠤᠵᠤ
ᠪᠤᠷᠬᠠᠨ ᠴᠢᠮᠠᠲᠤ ᠠᠮᠢ ᠬᠠᠢᠷᠠᠯᠠᠳᠠᠭ ᠶᠤᠮ
ᠠᠯᠳᠠᠵᠤ ᠣᠯᠬᠤ ᠶ᠋ᠢᠨ ᠳᠠᠩᠰᠠᠨ ᠳ᠋ᠤ᠌ ᠪᠢᠳᠡ ᠨᠠᠷ
ᠪᠦᠳᠦᠷᠢᠵᠦ ᠰᠡᠬᠡᠵᠦ ᠣᠷᠴᠢᠯᠠᠩ ᠢ᠋ ᠲᠤᠭᠤᠯᠳᠠᠭ ᠶᠤᠮ
ᠵᠣᠷᠢᠭ ᠢ᠋ᠶ᠋ᠠᠨ ᠬᠥᠪᠴᠢᠯᠡᠵᠦ ᠪᠣᠰᠤᠭᠰᠠᠨ ᠨᠢᠭᠡᠨ ᠡᠴᠡ ᠪᠡᠨ ᠡᠷᠴᠢ ᠠᠪ
ᠵᠢᠯᠣᠭᠣ ᠦᠭᠡᠢ ᠲᠠᠮᠤᠯᠠᠵᠤ ᠵᠤᠲᠠᠷᠠᠭᠰᠠᠨ ᠨᠢᠭᠡᠨ ᠦ᠌ ᠠᠮᠠ ᠶ᠋ᠢ ᠨᠢ ᠲᠡᠳᠡ
ᠠᠮᠢᠳᠤᠷᠠᠯ ᠴᠢᠨᠦ ᠠᠯᠠᠭᠠᠨ ᠳ᠋ᠤ᠌ ᠪᠣᠢ
ᠠᠮᠢᠨ ᠨᠤᠲᠤᠭ ᠲᠠᠢ ᠴᠢᠨᠢ ᠪᠣᠢ
ᠠᠯᠲᠠᠨ ᠦᠭᠡ ᠬᠡᠯᠡ ᠲᠡᠢ ᠴᠢᠨᠢ ᠪᠣᠢ
ᠠᠮᠢᠳᠤᠷᠠᠯ ᠲᠠᠨ ᠤ᠋ ᠠᠯᠠᠭᠠᠨ ᠳᠡᠭᠡᠷ᠎ᠡ ᠪᠣᠢ
ᠵᠣᠬᠢᠶᠠᠭᠴᠢ᠄ ᠱᠠᠷᠠᠢᠳ· ᠭᠡᠷᠡᠯ
ᠤᠶᠠᠩᠭᠠᠯᠠᠭᠴᠢ᠄ ᠤᠷᠠᠯᠢᠭ
ᠦᠰᠦᠭ ᠠᠮᠢᠯᠠᠭᠤᠯᠤᠭᠴᠢ᠄ ᠮᠥᠩᠭᠦᠨᠵᠠᠶᠠᠭᠠ
ᠬᠢᠨᠠᠭᠴᠢ᠄ ᠣᠳᠬᠣᠩᠬᠤᠸᠠᠷ
